ᠨᠣᠬᠠᠶ ᠤᠰᠠᠳᠬᠠᠯ ᠥᠨᠥᠳᠥᠷ ᠠᠴᠠ ᠡᠬᠢᠯᠡᠯ᠎ᠡ | News.MN

ᠨᠣᠬᠠᠶ ᠤᠰᠠᠳᠬᠠᠯ ᠥᠨᠥᠳᠥᠷ ᠠᠴᠠ ᠡᠬᠢᠯᠡᠯ᠎ᠡ

ᠳᠠᠷᠬᠠᠨ  ᠠᠭᠤᠯᠠ ᠠᠢᠮᠠᠭ ᠤᠨ︽ᠢᠷᠭᠡᠳ ᠤᠨ ᠶᠡᠨᠳᠡᠷ – 7︾ᠨᠡᠭᠡᠭᠡᠯᠲᠡ ᠲᠠᠢ ᠬᠡᠯᠡᠯᠴᠡᠭᠦᠯᠭᠡ ᠡᠨᠡ ᠰᠠᠷ᠎ᠠ ᠶᠢᠨ 6 ᠤ ᠡᠳᠦᠷ  ᠪᠤᠯᠵᠤ᠂ ᠢᠷᠭᠡᠳ ᠨᠣᠬᠠᠶ ᠤᠰᠠᠳᠬᠠᠯ ᠤᠨ ᠠᠵᠢᠯ ᠢ ᠶᠠᠪᠤᠭᠤᠯᠬᠤ ᠬᠦᠰᠡᠯᠲᠡ ᠭᠠᠷᠭᠠᠭᠰᠠᠨ ᠪᠠᠶᠢᠨ᠎ᠡ᠃ ᠤᠴᠢᠷ ᠨᠢ ᠦᠷᠯᠦᠭᠡ ᠣᠷᠤᠢ ᠳᠤ ᠪᠡᠨ ᠰᠤᠷᠭᠠᠭᠤᠯᠢ ᠶᠢᠨ ᠨᠠᠰᠤᠨ ᠤ ᠬᠡᠦᠬᠡᠳ ᠤᠳ ᠶᠠᠪᠤᠬᠤ ᠳᠤ ᠵᠣᠯᠪᠢᠩ ᠨᠣᠬᠠᠶ ᠲᠡᠭᠠᠷᠢᠬᠤ᠂ ᠠᠶᠤᠯᠭᠠᠬᠤ ᠵᠡᠷᠭᠡ ᠠᠰᠠᠭᠤᠳᠠᠯ ᠭᠠᠷᠴᠤ ᠪᠠᠶᠢᠭ᠎ᠠ ᠲᠤᠯᠠ ᠢᠷᠭᠡᠳ ᠤᠨ ᠠᠶᠤᠯ ᠦᠭᠡᠶ ᠵᠤᠷᠴᠢᠬᠤ᠂ ᠵᠣᠯᠪᠢᠩ ᠨᠣᠬᠠᠢ ᠶᠢᠨ ᠲᠤᠭ᠎ᠠ ᠶᠢ ᠪᠠᠭᠠᠰᠬᠠᠬᠤ ᠶᠢ ᠬᠤᠯᠪᠦᠬᠳᠡᠬᠤ ᠪᠠᠶᠢᠭᠤᠯᠤᠯᠭ᠎ᠠ ᠨᠤᠭᠤᠳ ᠲᠤ ᠤᠯᠠᠮᠵᠢᠯᠠᠵᠠᠢ᠃

ᠡᠨᠡ ᠳᠠᠭᠠᠤ ᠳᠠᠷᠬᠠᠨ ᠬᠤᠲᠠ ᠶᠢᠨ ᠲᠣᠬᠢᠵᠢᠯᠲᠠ ᠦᠢᠯᠡᠴᠢᠯᠡᠭᠡᠨ ᠤ ᠭᠠᠵᠠᠷ ᠥᠨᠥᠳᠥᠷ ᠠᠴᠠ ᠡᠬᠢᠯᠡᠨ 25 ᠤ ᠡᠳᠦᠷ ᠢ ᠳᠠᠭᠤᠰᠲᠠᠯ᠎ᠠ ᠳᠠᠷᠬᠠᠨ ᠰᠤᠮᠤ ᠶᠢᠨ 18 ᠪᠠᠭ  ᠲᠤ ᠨᠣᠬᠠᠶ ᠤᠰᠠᠳᠬᠠᠯ ᠤᠨ ᠠᠵᠢᠯ ᠢ ᠡᠬᠢᠯᠡᠭᠦᠯᠵᠦ ᠪᠠᠶᠢᠨ᠎ᠡ᠃ ᠡᠭᠦᠨ ᠲᠠᠢ ᠬᠤᠯᠪᠤᠭᠳᠠᠭᠤᠯᠤᠨ ᠢᠷᠭᠡᠳ ᠲᠡᠵᠢᠭᠡᠪᠦᠷᠢ ᠨᠣᠬᠠᠢ ᠪᠠᠨ ᠥᠷᠯᠥᠭᠡᠨ ᠤ 06.00 ᠴᠠᠭ ᠠᠴᠠ ᠣᠷᠣᠢ ᠶᠢᠨ 20.00 ᠴᠠᠬ ᠬᠦᠷᠲᠡᠯᠡᠬᠢ ᠬᠤᠭᠤᠴᠠᠭᠠᠨ ᠳᠤ ᠬᠠᠷᠢᠶ᠎ᠠ ᠬᠢᠨᠠᠯᠲᠠ ᠳᠠᠭᠠᠨ ᠪᠠᠶᠢᠯᠭᠠᠬᠤ᠂ ᠤᠶᠡᠬᠤ ᠶᠢ ᠠᠩᠬᠠᠷᠤᠭᠤᠯᠵᠤ ᠪᠠᠶᠢᠨ᠎ᠡ᠃

ᠰᠡᠳᠬᠢᠭᠳᠡᠯ ᠦᠯᠡᠳᠡᠭᠡᠬᠦ