︽ᠰᠡᠳᠬᠢᠯ ᠠᠴᠠ ᠮᠢᠨᠢ ᠤᠷᠭᠤᠭᠰᠠᠨ ᠮᠢᠨᠦ ᠪᠦᠲᠦᠭᠡᠯ︾ᠦᠵᠡᠰᠬᠦᠯᠡᠩ ᠨᠡᠭᠡᠭᠡᠭᠳᠡᠯ᠎ᠡ | News.MN

︽ᠰᠡᠳᠬᠢᠯ ᠠᠴᠠ ᠮᠢᠨᠢ ᠤᠷᠭᠤᠭᠰᠠᠨ ᠮᠢᠨᠦ ᠪᠦᠲᠦᠭᠡᠯ︾ᠦᠵᠡᠰᠬᠦᠯᠡᠩ ᠨᠡᠭᠡᠭᠡᠭᠳᠡᠯ᠎ᠡ

ᠮᠣᠩᠭᠣᠯ ᠤᠨ ᠦᠨᠳᠦᠰᠦᠨ ᠤ ᠮᠦᠽᠧᠶ 2022 ᠣᠨ ᠤ ᠬᠢᠴᠢᠶᠡᠯ ᠤᠨ ᠰᠢᠨ᠎ᠡ ᠵᠢᠯ ᠤᠨ ᠨᠡᠭᠡᠭᠡᠯᠲᠡ ᠪᠠᠨ︽ᠥᠨᠢᠷ ᠪᠦᠯᠢ︾ ᠬᠡᠦᠬᠡᠳ ᠤᠨ ᠲᠥᠪ ᠤᠨ ᠠᠪᠢᠶᠠᠰᠯᠢᠭ ᠤᠷᠠᠨ ᠪᠦᠲᠦᠭᠡᠯᠴᠢ ᠬᠡᠦᠬᠡᠳ ᠤᠳ ᠤᠨ︽ᠰᠡᠳᠬᠢᠯ ᠠᠴᠠ ᠮᠢᠨᠢ ᠤᠷᠭᠤᠭᠰᠠᠨ ᠮᠢᠨᠦ ᠪᠦᠲᠦᠭᠡᠯ︾ ᠦᠵᠠᠰᠭᠦᠯᠡᠩ ᠢᠶᠠᠷ ᠡᠬᠢᠯᠡᠭᠦᠯᠦᠯ᠎ᠡ᠃︽ᠥᠨᠢᠷ ᠪᠦᠯᠢ︾ ᠬᠡᠦᠬᠡᠳ ᠤᠨ ᠲᠥᠪ ᠤᠨ ᠤᠷᠠᠨ ᠪᠦᠲᠦᠭᠡᠯᠴᠢ ᠬᠡᠦᠬᠡᠳ ᠤᠳ ᠤᠨ ᠪᠦᠲᠦᠭᠡᠯ ᠤᠨ ᠦᠵᠡᠰᠬᠦᠯᠡᠩ ᠢ ᠵᠢᠯ ᠪᠦᠷᠢ ᠵᠣᠬᠢᠶᠠᠨ ᠪᠠᠶᠢᠭᠤᠯᠵᠤ᠂ ᠣᠯᠠᠨ ᠨᠡᠶᠢᠲᠡ ᠳᠤ ᠲᠣᠯᠢᠯᠠᠭᠤᠯᠵᠤ᠂ ᠬᠡᠦᠬᠡᠳ ᠤᠨ ᠳᠠᠭᠤᠤ ᠬᠤᠭᠤᠯᠠᠢ ᠶᠢ ᠨᠡᠶᠢᠭᠡᠮ ᠳᠤ ᠬᠦᠷᠭᠡᠬᠦ᠂ ᠬᠡᠦᠬᠡᠳ ᠬᠠᠮᠠᠭᠠᠯᠠᠯ ᠤᠨ ᠦᠶᠯᠡ ᠠᠵᠢᠯᠯᠠᠭ᠎ᠠ ᠶᠢ ᠡᠷᠴᠢᠮᠵᠢᠭᠦᠯᠬᠦ ᠶᠢ ᠡᠷᠡᠮᠡᠯᠵᠡᠳᠡᠭ ᠪᠢᠯᠡ᠃
ᠦᠵᠡᠰᠬᠦᠯᠡᠩ ᠢ ᠨᠡᠭᠡᠭᠡᠵᠦ᠂ ᠮᠣᠩᠭᠣᠯ ᠤᠨ ᠦᠨᠳᠦᠰᠦᠨ ᠤ ᠮᠦᠽᠧᠢ ᠶᠢᠨ ᠵᠠᠬᠢᠷᠤᠯ ᠯ᠊ ·ᠵᠢᠷᠭᠠᠯ︽ᠥᠨᠢᠷ ᠪᠦᠯᠢ︾ᠬᠡᠦᠬᠡᠳ ᠤᠨ ᠲᠥᠪ ᠤᠨ ᠶᠡᠷᠦᠩᠬᠡᠶ ᠵᠠᠬᠢᠷᠤᠯ ᠮ᠊ ∙ᠦᠯᠵᠡᠢᠴᠢᠮᠡᠭ ᠦᠭᠡ ᠬᠡᠯᠡᠪᠡ᠃ ᠦᠵᠡᠰᠬᠦᠯᠡᠩ 9 ᠳ᠋ᠦ᠋ᠭᠡᠷ ᠰᠠᠷ᠎ᠠ ᠶᠢᠨ 18 ᠬᠦᠷᠳᠡᠯ᠎ᠠ ᠣᠯᠠᠨ ᠨᠡᠶᠢᠲᠡ ᠳᠤ ᠨᠡᠭᠡᠭᠡᠯᠲᠡ ᠲᠠᠢ ᠠᠵᠢᠯᠯᠠᠨ᠎ᠠ᠃

ᠰᠡᠳᠬᠢᠭᠳᠡᠯ ᠦᠯᠡᠳᠡᠭᠡᠬᠦ