ᠰᠣᠶᠤᠯ ᠤᠨ ᠰᠠᠶᠢᠳ ᠴ᠊·ᠨᠣᠮᠢᠨ ᠤ ᠤᠷᠢᠯᠭ᠎ᠠ ᠪᠠᠷ Paramount Pictures ᠤᠨ MTV ᠦᠨ ᠳᠡᠳ᠋ ᠵᠠᠬᠢᠷᠤᠯ Carlos Lugo᠂ Netflix ᠺᠣᠮᠫᠠᠨᠢ ᠶᠢᠨ ᠮᠧᠨᠧᠵᠧᠷ Songlee Lee᠂ Warner Bros Discovery ᠺᠣᠮᠫᠠᠨᠢ ᠶᠢᠨ ᠳᠡᠳ᠋ ᠵᠠᠬᠢᠷᠤᠯ Carrie Regan᠂ HBO маx᠂ Warner Bros ᠤᠨ ᠮᠧᠨᠧᠵᠧᠷ Krutin Patel᠂ ᠨᠠᠶᠢᠷᠠᠭᠤᠯᠤᠭᠴᠢ Peiter Sebastian᠂ Living films ᠤᠨ ᠲᠤᠰᠠᠯᠠᠬᠤ ᠨᠠᠶᠢᠷᠠᠭᠤᠯᠤᠭᠴᠢ аpinat Siricharoenjit ᠵᠡᠷᠭᠡ ᠳᠡᠯᠡᠬᠡᠢ ᠶᠢᠨ ᠲᠣᠮᠤᠬᠠᠨ ᠰᠲ᠋ᠦ᠋ᠳᠢ᠂ ᠫᠷᠤᠳᠠᠺᠱᠢᠨ᠂ ᠺᠣᠮᠫᠠᠨᠢ ᠶᠢᠨ ᠨᠠᠶᠢᠷᠠᠭᠤᠯᠤᠭᠴᠢ᠂ ᠫᠷᠤᠳᠢᠦᠰᠸᠷ᠂ ᠤᠳᠤᠷᠢᠳᠤᠯᠭ᠎ᠠ ᠨᠠᠷ ᠮᠠᠨ ᠤ ᠤᠯᠤᠰ ᠲᠤ ᠢᠷᠡᠭᠡᠳ ᠪᠠᠶᠢᠭ᠎ᠠ ᠶᠤᠮ᠃
ᠮᠣᠩᠭᠤᠯ ᠤᠯᠤᠰ ᠤᠨ ᠶᠡᠷᠦᠩᠬᠡᠶ ᠰᠠᠶᠢᠳ ᠯ᠊ ·ᠤᠶᠤᠡᠡᠷᠳᠡᠨᠢ ᠲᠡᠳᠡᠨ ᠤ ᠲᠥᠯᠥᠭᠡᠯᠡᠯ ᠢ ᠥᠨᠥᠳᠥᠷ ᠬᠦᠯᠢᠶᠡᠨ ᠠᠪᠴᠤ ᠠᠭᠤᠯᠵᠠᠵᠤ᠂ ᠮᠣᠩᠭᠣᠯ ᠤᠨ ᠺᠢᠨᠣ᠋ ᠤᠷᠠᠯᠢᠭ ᠤᠨ ᠰᠠᠯᠪᠤᠷᠢ ᠶᠢ ᠣᠯᠠᠨ ᠤᠯᠤᠰ ᠲᠤ ᠰᠤᠷᠲᠠᠯᠴᠢᠯᠠᠨ ᠲᠠᠨᠢᠭᠤᠯᠬᠤ᠂ ᠬᠠᠮᠲᠤ ᠶᠢᠨ ᠠᠵᠢᠯᠯᠠᠭ᠎ᠠ ᠶᠢ ᠬᠥᠭᠵᠢᠭᠦᠯᠬᠦ ᠲᠠᠯ᠎ᠠ ᠪᠠᠷ ᠶᠠᠷᠢᠯᠴᠠᠯ᠎ᠠ᠃ ᠲᠡᠷᠡᠪᠡᠷ ᠳᠡᠯᠡᠬᠡᠢ ᠶᠢᠨ ᠲᠣᠮᠤᠬᠠᠨ ᠺᠢᠨᠣ᠋ ᠺᠣᠮᠫᠠᠨᠢ ᠨᠤᠭᠤᠳ ᠮᠣᠩᠭᠤᠯ ᠳᠤ ᠵᠢᠷᠤᠭ ᠠᠪᠤᠯᠲᠠ ᠬᠢᠬᠦ ᠲᠠᠭᠠᠲᠠᠢ ᠣᠷᠴᠢᠨ ᠢ ᠪᠦᠷᠢᠳᠦᠭᠦᠯᠬᠦ ᠳᠤ ᠠᠩᠬᠠᠷᠴᠤ ᠠᠵᠢᠯᠯᠠᠨ᠎ᠠ᠃ ᠮᠦᠠ ᠰᠣᠶᠤᠯ ᠤᠨ ᠪᠦᠲᠦᠭᠡᠯᠴᠢ ᠦᠶᠯᠡᠳᠪᠦᠷᠢᠯᠡᠯ᠂ ᠠᠶᠠᠯᠠᠯ ᠵᠢᠭᠤᠯᠴᠢᠯᠠᠯ ᠤᠨ ᠰᠠᠯᠪᠤᠷᠢ ᠶᠢ ᠬᠥᠭᠵᠢᠭᠦᠯᠦᠨ ᠡᠳ᠋ ᠤᠨ ᠵᠠᠰᠠᠭ ᠤᠨ ᠡᠷᠭᠢᠯᠲᠡ ᠳᠤ ᠣᠷᠣᠭᠤᠯᠵᠤ᠂ ᠡᠳ᠋ ᠤᠨ ᠵᠠᠰᠠᠭ ᠢᠶᠠᠨ ᠣᠯᠠᠨ ᠲᠤᠯᠭᠠᠭᠤᠷᠢ ᠲᠠᠢ ᠪᠣᠯᠭᠠᠬᠤ ᠨᠢ ᠮᠣᠩᠭᠤᠯ ᠤᠯᠤᠰ ᠤᠨ ᠵᠠᠰᠠᠭ ᠤᠨ ᠭᠠᠵᠠᠷ ᠤᠨ ᠴᠢᠬᠤᠯᠠ ᠪᠣᠳᠣᠯᠭ᠎ᠠ ᠶᠢᠨ ᠨᠢᠭᠡ ᠭᠡᠳᠡᠭ ᠢ ᠣᠨᠴᠠᠯᠠᠯ᠎ᠠ᠃