2023 ᠣᠨ ᠳᠤ ᠳᠣᠲᠤᠭᠠᠳᠤ ᠶᠢᠨ ᠨᠡᠶᠢᠲᠡ ᠪᠦᠲᠦᠭᠡᠭᠳᠡᠬᠦᠨ 4 ᠬᠤᠪᠢ ᠪᠠᠷ ᠥᠰᠬᠦ ᠲᠥᠯᠥᠪᠲᠡᠢ ᠭᠡᠵᠦ ᠮᠣᠩᠭᠤᠯ ᠪᠠᠩᠬᠢ ᠲᠣᠭᠠᠴᠠᠭᠠᠯᠠᠭᠠᠳ ᠪᠠᠶᠢᠨ᠎ᠡ᠃ ᠣᠨ ᠤ ᠡᠬᠢᠨ ᠤ ᠨᠠᠢᠮᠠᠨ ᠰᠠᠷ᠎ᠠ ᠶᠢᠨ ᠰᠲ᠋ᠠᠲ᠋ᠢᠰᠲ᠋ᠢᠺ ᠮᠡᠳᠡᠭᠡᠯᠡᠯ ᠢᠶᠠᠷ ᠨᠡᠭᠦᠷᠡᠰᠦᠨ ᠤ ᠡᠺᠰᠫᠣᠷᠲ ᠡᠮᠦᠨᠡᠬᠢ ᠣᠨ ᠤ ᠮᠦᠠ ᠦᠶ᠎ᠡ ᠠᠴᠠ 35.3 ᠬᠤᠪᠢ ᠪᠠᠷ ᠥᠰᠦᠭᠰᠡᠨ ᠴᠤ 2020 ᠣᠨ ᠤ ᠮᠦᠠ ᠦᠶ᠎ᠡ ᠠᠴᠠ 2.1 ᠬᠤᠪᠢ ᠪᠠᠷ ᠪᠠᠭᠤᠷᠠᠵᠠᠢ᠃
ᠨᠡᠭᠦᠷᠡᠰᠦ ᠲᠡᠭᠡᠭᠡᠪᠦᠷᠢ ᠶᠢᠨ ᠬᠤᠪᠢ ᠳᠤ ᠲᠠᠪᠤᠨᠲᠣᠯᠣᠭᠠᠢ ᠭᠠᠰᠢᠭᠤᠨᠰᠤᠬᠠᠢᠲᠤ ᠴᠢᠭᠯᠡᠯ ᠳᠤ ᠲᠡᠮᠦᠷ ᠵᠠᠮ ᠢᠶᠠᠷ ᠲᠡᠭᠡᠭᠡᠪᠦᠷᠢᠯᠡᠯᠲᠡ ᠬᠢᠬᠦ ᠪᠣᠯᠣᠮᠵᠢ ᠲᠠᠢ ᠪᠣᠯᠣᠭᠰᠠᠨ ᠢᠶᠠᠷ 2022-2025 ᠣᠨ ᠳᠤ ᠵᠢᠯ ᠳᠤ 10 ᠰᠠᠶ᠎ᠠ ᠬᠦᠷᠳᠡᠯ᠎ᠠ ᠲᠣᠨ᠂ 2035 ᠣᠨ ᠭᠡᠬᠦ ᠳᠤ 20 ᠰᠠᠶ᠎ᠠ ᠲᠣᠨ ᠲᠡᠭᠡᠭᠡᠪᠦᠷᠢᠯᠡᠯᠲᠡ ᠬᠢᠳᠡᠭ ᠪᠣᠯᠤᠨ᠎ᠠ ᠭᠡᠵᠦ ᠲᠣᠭᠠᠴᠠᠭᠠᠯᠠᠵᠠᠢ᠃ ᠬᠢᠲᠠᠳ ᠲᠤ ᠡᠺᠰᠫᠣᠷᠲᠯᠠᠵᠤ ᠪᠤᠶ ᠨᠡᠭᠦᠷᠡᠰᠦᠨ ᠤ ᠬᠡᠮᠵᠢᠶ᠎ᠡ ᠶᠢ 2022-2025 ᠣᠨ ᠳᠠᠭᠤᠰᠲᠠᠯ᠎ᠠ ᠵᠢᠯ ᠪᠦᠷᠢ 40-70 ᠰᠠᠶ᠎ᠠ ᠲᠣᠨ ᠪᠠᠶᠢᠯᠭᠠᠬᠤ ᠬᠡᠮᠵᠢᠶ᠎ᠡ ᠶᠢ ᠬᠠᠷᠢᠯᠴᠠᠨ ᠲᠣᠬᠢᠷᠠᠯᠴᠠᠭᠰᠠᠨ ᠪᠠᠶᠢᠨ᠎ᠡ᠃