ᠨᠠᠢᠮᠠᠳᠤᠭᠠᠷ ᠰᠠᠷ᠎ᠠ ᠶᠢᠨ ᠪᠠᠶᠢᠳᠠᠯ ᠢᠶᠠᠷ ᠭᠠᠳᠠᠭᠠᠳᠤ ᠸᠠᠯᠢᠶᠤᠲ ᠤᠨ ᠠᠯᠪᠠᠨ ᠨᠥᠭᠡᠴᠡ 2.69 ᠲᠡᠷᠪᠤᠮ ᠳ᠋ᠣᠯᠯᠠᠷ ᠪᠣᠯᠣᠭᠰᠠᠨ ᠢ ᠮᠣᠩᠭᠤᠯ ᠪᠠᠩᠬᠢ ᠮᠡᠳᠡᠭᠡᠯᠡᠯ᠎ᠡ᠃ ᠥᠭᠡᠷ᠎ᠡ ᠪᠠᠷ ᠬᠡᠯᠡᠪᠡᠯ 2017 ᠣᠨ ᠠᠴᠠ ᠬᠤᠶᠢᠰᠢᠬᠢ ᠳᠣᠤᠷᠠᠳᠤ ᠲᠦᠪᠰᠢᠨ ᠳᠤ ᠬᠡᠪ ᠢᠶᠠᠷ ᠪᠠᠶᠢᠨ᠎ᠡ᠃ ᠬᠡᠳᠦᠶᠢᠪᠡᠷ ᠡᠺᠰᠫᠣᠷᠲ ᠨᠡᠮᠡᠭᠳᠡᠭᠰᠡᠨ ᠴᠤ ᠸᠠᠯᠢᠶᠤᠲ ᠤᠨ ᠣᠷᠣᠬᠤ ᠤᠷᠤᠰᠬᠠᠯ ᠡᠮᠦᠨᠡᠬᠢ ᠣᠨ ᠠᠴᠠ ᠣᠶᠢᠷᠠᠯᠴᠠᠭ᠎ᠠ ᠪᠠᠷ 1.2 ᠲᠡᠷᠪᠤᠮ ᠳ᠋ᠣᠯᠯᠠᠷ ᠢᠶᠠᠷ ᠪᠠᠭᠤᠷᠠᠵᠠᠢ᠃ ᠡᠨᠡ ᠵᠦᠷᠢᠶ᠎ᠡ ᠶᠢ ᠠᠷᠢᠯᠭᠠᠬᠤ ᠭᠡᠵᠦ ᠮᠣᠩᠭᠤᠯ ᠪᠠᠩᠬᠢ ᠠᠴᠠ ᠠᠷᠠᠯᠵᠢᠶᠠᠨ ᠤ ᠪᠠᠩᠬᠢ ᠨᠤᠭᠤᠳ ᠲᠤ ᠣᠯᠭᠤᠬᠤ ᠸᠠᠯᠢᠶᠤᠲ ᠤᠨ ᠬᠡᠮᠵᠢᠶ᠎ᠡ ᠶᠢ ᠨᠡᠮᠡᠭᠳᠡᠭᠦᠯᠦᠭᠰᠡᠨ ᠭᠡᠵᠦ ᠮᠣᠩᠭᠤᠯ ᠪᠠᠩᠬᠢᠨ ᠤ ᠨᠥᠭᠡᠴᠡ ᠶᠢᠨ ᠤᠳᠦᠷᠢᠳᠦᠯᠭ᠎ᠠ᠂ ᠰᠠᠩᠬᠦᠦ ᠶᠢᠨ ᠵᠠᠬ᠎ᠠ ᠵᠡᠭᠡᠯᠢ ᠶᠢᠨ ᠭᠠᠵᠠᠷ ᠤᠨ ᠵᠠᠬᠢᠷᠤᠯ ᠠ᠊ ·ᠡᠩᠬᠡᠵᠢᠨ ᠣᠨᠴᠠᠯᠠᠵᠤ ᠪᠠᠶᠢᠨ᠎ᠡ᠃
ᠣᠨ ᠤ ᠡᠴᠦᠰ ᠲᠤ ᠨᠡᠭᠦᠷᠡᠰᠦᠨ ᠤ ᠡᠺᠰᠫᠣᠷᠲ ᠨᠡᠮᠡᠭᠳᠡᠭᠰᠡᠨ ᠢᠶᠠᠷ ᠭᠠᠳᠠᠭᠠᠳᠤ ᠸᠠᠯᠢᠶᠤᠲ ᠤᠨ ᠠᠯᠪᠠᠨ ᠨᠥᠭᠡᠴᠡ ᠥᠰᠬᠦ ᠳᠤ ᠨᠥᠯᠥᠭᠡᠯᠡᠵᠦ ᠮᠠᠭᠠᠳ ᠦᠭᠡᠶ ᠪᠠᠶᠢᠭ᠎ᠠ ᠶᠤᠮ᠃ ᠮᠦᠠ ᠬᠢᠲᠠᠳ ᠤᠨ ᠵᠠᠬ᠎ᠠ ᠵᠡᠭᠡᠯᠢ ᠳᠤ ᠨᠡᠭᠦᠷᠡᠰᠦᠨ ᠤ ᠦᠨ᠎ᠡ ᠦᠡᠳᠦᠷ ᠬᠡᠪ ᠢᠶᠠᠷ ᠪᠠᠶᠢᠨ᠎ᠡ᠃