︽ᠦᠨᠳᠦᠰᠦᠨ ᠤ ᠪᠢᠴᠢᠭ ᠰᠤᠶᠦᠯ᠂ ᠨᠣᠮ ᠤᠨ ᠡᠳᠦᠷ ᠤᠳ - 2022︾ᠪᠤᠯᠤᠨ᠎ᠠ | News.MN

︽ᠦᠨᠳᠦᠰᠦᠨ ᠤ ᠪᠢᠴᠢᠭ ᠰᠤᠶᠦᠯ᠂ ᠨᠣᠮ ᠤᠨ ᠡᠳᠦᠷ ᠤᠳ – 2022︾ᠪᠤᠯᠤᠨ᠎ᠠ

ᠮᠣᠩᠭᠤᠯ ᠤᠯᠤᠰ ᠳᠠᠶᠠᠭᠠᠷ︽ᠦᠨᠳᠦᠰᠦᠨ ᠤ ᠪᠢᠴᠢᠭ ᠰᠤᠶᠦᠯ᠂ ᠨᠣᠮ ᠤᠨ ᠡᠳᠦᠷ ᠤᠳ – 2022︾ ᠢ︽ᠢᠯᠡᠬᠦᠦ ᠶᠡᠭᠡ ᠤᠩᠰᠢᠶ᠎ᠠ︾ᠤᠷᠢᠶ᠎ᠠ ᠲᠠᠢ ᠲᠡᠮᠳᠡᠭᠯᠡᠬᠦ ᠪᠠ ᠨᠡᠶᠢᠰᠯᠡᠯ ᠳᠤ ᠰᠦᠬᠡᠪᠠᠭᠠᠲᠤᠷ ᠤᠨ ᠲᠠᠯᠠᠪᠠᠢ ᠳᠤ ᠦᠵᠡᠰᠬᠦᠯᠡᠩ ᠪᠣᠯᠤᠨ᠎ᠠ᠃ ᠣᠷᠣᠨ ᠨᠤᠲᠤᠭ ᠤᠨ ᠲᠥᠪ ᠲᠠᠯᠠᠪᠠᠢ ᠪᠦᠷ ᠡᠨᠡ ᠵᠢᠱᠢᠭ ᠢᠶᠠᠷ ᠨᠣᠮ ᠤᠨ ᠪᠠᠶᠠᠷ ᠢ ᠲᠡᠮᠳᠡᠭᠯᠡᠬᠦ  ᠠᠵᠢ᠃ ᠶᠢᠰᠦᠳᠦᠭᠡᠷ ᠰᠠᠷ᠎ᠠ ᠶᠢᠨ 16  ᠳᠤ ᠡᠬᠢᠯᠡᠵᠦ ᠭᠤᠷᠪᠠᠨ ᠡᠳᠦᠷ ᠤᠨ ᠲᠤᠷᠰᠢ ᠦᠷᠬᠦᠯᠵᠢᠯᠡᠬᠦ ᠨᠣᠮ ᠤᠨ ᠪᠠᠶᠠᠷ ᠲᠤ 400 ᠭᠠᠷᠦᠢ ᠪᠠᠢᠭᠤᠯᠤᠯᠭ᠎ᠠ ᠤᠷᠦᠯᠴᠡᠬᠤ ᠶᠤᠮ᠃
︽ᠡᠨᠡ ᠡᠳᠦᠷ ᠤᠳ ᠲᠤ ᠮᠠᠰᠢ ᠣᠯᠠᠨ ᠬᠥᠲᠥᠯᠪᠦᠷᠢ ᠵᠣᠬᠢᠶᠠᠨ ᠪᠠᠶᠢᠭᠤᠯᠤᠨ᠎ᠠ᠃ ᠨᠡᠶᠢᠲᠡ ᠶᠢᠨ ᠤᠷᠠᠯᠢᠭ᠂ ᠰᠫᠣᠷᠲ ᠤᠨ ᠲᠡᠮᠡᠴᠡᠭᠡᠨ ᠪᠣᠯᠤᠨ᠎ᠠ᠃ ᠰᠢᠨ᠎ᠡ ᠨᠣᠮ᠂ ᠵᠣᠬᠢᠶᠠᠯ ᠤᠨ ᠦᠵᠡᠰᠬᠦᠯᠡᠩ ᠳᠡᠯᠭᠡᠨ᠎ᠡ᠃ ᠨᠣᠮ ᠤᠨ ᠰᠣᠶᠣᠯ ᠢ ᠬᠦᠨᠳᠦᠳᠬᠡᠨ ᠳᠡᠭᠡᠳᠦᠯᠡᠳᠡᠭ ᠬᠥᠮᠥᠰ ᠲᠠᠢ ᠠᠯᠳᠠᠷᠲᠠᠶ ᠵᠣᠬᠢᠶᠠᠯᠴᠢᠳ ᠤᠷᠠᠨ ᠪᠦᠲᠦᠭᠡᠯ ᠤᠨ ᠶᠠᠷᠢᠯᠴᠠᠯᠭ᠎ᠠ ᠬᠢᠨ᠎ᠡ︾ᠬᠡᠮᠡᠨ ᠵᠣᠬᠢᠶᠠᠨ ᠪᠠᠶᠢᠭᠤᠯᠤᠭᠴᠢᠳ ᠣᠨᠴᠠᠯᠠᠯ᠎ᠠ᠃

ᠰᠡᠳᠬᠢᠭᠳᠡᠯ ᠦᠯᠡᠳᠡᠭᠡᠬᠦ