《ᠰᠡᠷᠢᠭᠰᠡᠨ ᠲᠠᠯ᠎ᠠ-2022》ᠤᠷᠤᠯᠳᠤᠭᠠᠨ ᠳᠤ ᠡ᠊∙ᠤᠳᠬᠤᠨᠪᠠᠲᠤ ᠲᠡᠷᠢᠭᠦᠯᠡᠯ᠎ᠡ | News.MN

《ᠰᠡᠷᠢᠭᠰᠡᠨ ᠲᠠᠯ᠎ᠠ-2022》ᠤᠷᠤᠯᠳᠤᠭᠠᠨ ᠳᠤ ᠡ᠊∙ᠤᠳᠬᠤᠨᠪᠠᠲᠤ ᠲᠡᠷᠢᠭᠦᠯᠡᠯ᠎ᠡ

ᠬᠥᠭᠵᠢᠮ ᠦᠨ ᠵᠣᠬᠢᠶᠠᠯᠴᠢ ᠪ∙ᠰᠢᠷᠠᠪ ᠤᠨ ᠨᠡᠷᠡᠮᠵᠢᠲᠦ《ᠰᠡᠷᠢᠭᠰᠡᠨ ᠲᠠᠯ᠎ᠠ-2022》ᠣᠷᠴᠢᠨ ᠦᠶ᠎ᠡ ᠶᠢᠨ ᠳᠠᠭᠤᠤ ᠳᠠᠭᠤᠯᠠᠭᠠᠴᠢᠳ ᠤᠨ ᠤᠯᠤᠰ ᠤᠨ ᠬᠣᠶᠠᠳᠤᠭᠠᠷ ᠤᠷᠤᠯᠳᠤᠭᠠᠨ ᠬᠡᠨᠲᠡᠢ ᠠᠶᠢᠮᠠᠭ ᠤᠨ ᠵᠢᠷᠭᠠᠯᠲᠤᠬᠠᠨ ᠰᠤᠮᠤᠨ ᠳᠤ ᠪᠣᠯᠵᠤ ᠥᠨᠳᠥᠷᠯᠡᠯ᠎ᠡ᠃ ᠲᠤᠰ ᠤᠷᠤᠯᠳᠤᠭᠠᠨ ᠢ ᠵᠢᠷᠭᠠᠯᠲᠤᠬᠠᠨ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠬᠡᠨᠲᠡᠢ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂《ᠰᠢᠷᠠᠪ》ᠰᠠᠩ ᠠᠴᠠ ᠵᠣᠬᠢᠶᠠᠨ ᠪᠠᠢᠭᠤᠯᠵᠠᠢ᠃
ᠲᠤᠰ ᠨᠠᠭᠠᠳᠤᠮ ᠤᠨ ᠨᠡᠭᠡᠭᠡᠯᠲᠡᠨ ᠳᠦ ᠪ∙ᠰᠢᠷᠠᠪ ᠠᠭᠰᠠᠨ ᠤ ᠭᠡᠷᠭᠡᠢ᠂《ᠰᠢᠷᠠᠪ ᠰᠠᠩ》 ᠤᠨ ᠲᠡᠷᠢᠭᠦᠨ ᠳ ∙ ᠭᠠᠩᠴᠢᠮᠡᠭ᠂︽ᠴᠢᠩᠭᠢᠰ ᠬᠠᠭᠠᠨ︾ᠬᠠᠮᠲᠤᠯᠢᠭ ᠦᠨ ᠳ∙ᠵᠢᠷᠭᠠᠯᠰᠠᠶᠢᠬᠠᠨ᠂ ᠵᠣᠬᠢᠶᠠᠯᠴᠢ ᠵ∙ᠰᠠᠷᠠᠭᠤᠯᠪᠤᠶᠠᠨ ᠨᠠᠷ ᠬᠦᠷᠦᠯᠴᠡᠨ ᠢᠷᠡᠭᠰᠡᠨ ᠶᠤᠮ᠃ ᠮᠥᠨ ᠨ∙ ᠪᠤᠶᠠᠨᠪᠠᠭᠠᠲᠤᠷ ᠢᠶᠠᠷ ᠤᠳᠤᠷᠢᠳᠤᠭᠤᠯᠤᠭᠰᠠᠨ ᠦᠨᠳᠦᠰᠦᠨ ᠦ ᠤᠷᠠᠯᠢᠭ ᠤᠨ ᠶᠡᠬᠡ ᠲᠢᠶᠠᠲ᠋ᠷ ᠤᠨ ᠲᠥᠷᠥ ᠶᠢᠨ ᠶᠡᠬᠡ ᠨᠠᠶᠢᠷᠠᠯ ᠬᠦᠭᠵᠢᠮ ᠪᠦᠷᠢᠨ ᠪᠦᠷᠢᠯᠳᠦᠬᠦᠨ ᠢᠶᠡᠷ ᠢᠶᠡᠨ ᠣᠷᠣᠯᠴᠠᠵᠤ᠂《ᠰᠡᠷᠢᠭᠰᠡᠨ ᠲᠠᠯ᠎ᠠ》ᠤᠷᠠᠨ ᠪᠦᠲᠦᠭᠡᠯ ᠢ ᠵᠢᠷᠭᠠᠯᠲᠤᠬᠠᠨ ᠤ ᠲᠩᠷᠢ ᠳᠣᠣᠷ᠎ᠠ ᠡᠭᠡᠰᠢᠭᠯᠡᠭᠦᠯᠦᠯ᠎ᠡ᠃ ᠳᠠᠭᠤᠤ ᠳᠠᠭᠤᠯᠠᠭᠠᠴᠢᠳ ᠤᠨ ᠬᠣᠶᠠᠳᠤᠭᠠᠷ ᠤᠷᠤᠯᠳᠤᠭᠠᠨ ᠳᠤ 70 ᠰᠢᠬᠠᠮ ᠤᠷᠠᠨ ᠪᠦᠲᠦᠭᠡᠯᠴᠢᠳ ᠣᠷᠣᠯᠴᠠᠭᠰᠠᠨ ᠪᠥᠭᠡᠳ ᠳᠠᠭᠤᠷᠢ ᠪᠦᠵᠢᠭ ᠦᠨ ᠡᠷᠳᠡᠮ ᠦᠨ ᠲᠢᠶᠠᠲ᠋ᠷ ᠤᠨ ᠭᠣᠴᠣᠯᠠᠯ ᠳᠠᠭᠤᠴᠢᠨ ᠡ᠊∙ᠤᠳᠬᠤᠨᠪᠠᠲᠤ ᠲᠡᠷᠢᠭᠦᠯᠡᠪᠡ᠃

ᠰᠡᠳᠬᠢᠭᠳᠡᠯ ᠦᠯᠡᠳᠡᠭᠡᠬᠦ