ᠶᠠᠳᠠᠭᠤᠷᠠᠯ ᠤᠨ ᠲᠦᠪᠰᠢᠨ 27.8 ᠬᠤᠪᠢ ᠲᠠᠢ ᠪᠠᠶᠢᠨ᠎ᠠ | News.MN

ᠶᠠᠳᠠᠭᠤᠷᠠᠯ ᠤᠨ ᠲᠦᠪᠰᠢᠨ 27.8 ᠬᠤᠪᠢ ᠲᠠᠢ ᠪᠠᠶᠢᠨ᠎ᠠ

ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶᠠᠨ ᠠᠴᠠ《ᠶᠠᠳᠠᠭᠤᠷᠠᠯ ᠤᠨ ᠳᠦᠷᠢ ᠲᠥᠷᠬᠥ 2020》 ᠲᠠᠢᠯᠤᠨ ᠢ ᠲᠠᠨᠢᠯᠴᠠᠭᠤᠯᠤᠯ᠎ᠠ᠃
ᠤᠯᠤᠰ ᠤᠨ ᠬᠡᠮᠵᠢᠶᠡᠨ ᠳᠦ ᠶᠠᠳᠠᠭᠤᠷᠠᠯ ᠤᠨ ᠲᠦᠪᠰᠢᠨ 27.8 ᠂ ᠪᠠᠷᠠᠭᠤᠨ ᠠᠶᠢᠮᠠᠭ ᠤᠳ ᠲᠤ ᠶᠠᠳᠠᠭᠤᠷᠠᠯ ᠤᠨ ᠲᠦᠪᠰᠢᠨ ᠥᠨᠳᠥᠷ ᠬᠡᠪ ᠢᠶᠡᠷ᠂ ᠠᠭᠤᠯᠠ ᠠᠭᠤᠷᠬᠠᠢ ᠬᠥᠭᠵᠢᠭᠰᠡᠨ ᠠᠶᠢᠮᠠᠭ ᠤᠳ ᠲᠤ ᠶᠠᠳᠠᠭᠤᠷᠠᠯ ᠬᠠᠷᠢᠴᠠᠩᠭᠤᠢ ᠪᠠᠭ᠎ᠠ ᠪᠠᠶᠢᠨ᠎ᠠ᠃

ᠶᠠᠳᠠᠭᠤᠷᠠᠯ ᠢ ᠬᠦᠮᠦᠨ ᠠᠮᠠ ᠶᠢᠨ ᠲᠣᠭ᠎ᠠ ᠪᠠᠷ ᠬᠠᠷᠠᠬᠤ ᠳᠤ 2014 ᠬᠦᠷᠲᠡᠯ᠎ᠡ ᠶᠠᠳᠠᠭᠤᠷᠠᠯ ᠤᠨ ᠲᠦᠪᠰᠢᠨ ᠳᠣᠷᠪᠢᠲᠠᠢ ᠪᠠᠭᠤᠷᠠᠵᠤ ᠪᠠᠶᠢᠭᠠᠳ 2016 ᠣᠨ ᠠᠴᠠ ᠶᠠᠳᠠᠭᠤᠷᠠᠯ ᠡᠳ᠋ ᠦᠨ ᠵᠠᠰᠠᠭ ᠤᠨ ᠥᠰᠦᠯᠲᠡ ᠲᠡᠢ ᠬᠠᠷᠢᠴᠠᠭᠤᠯᠬᠤ ᠳᠤ ᠮᠠᠰᠢ ᠪᠠᠭ᠎ᠠ ᠪᠠᠭᠤᠷᠠᠯᠲᠠ ᠲᠠᠢ ᠪᠣᠯᠤᠭᠰᠠᠨ᠃   ᠬᠥᠳᠡᠭᠡ ᠶᠢᠨ ᠶᠠᠳᠠᠭᠤᠷᠠᠯ ᠤᠨ ᠲᠦᠪᠰᠢᠨ ᠰᠡᠭᠦᠯ ᠦᠨ 10 ᠵᠢᠯ ᠳᠦ ᠬᠤᠷᠳᠤᠴᠠ ᠲᠠᠢ ᠪᠠᠭᠤᠷᠠᠵᠤ ᠪᠠᠶᠢᠭ᠎ᠠ᠃ ᠡᠭᠦᠨ ᠳᠦ ᠮᠠᠯ ᠤᠨ ᠲᠣᠭ᠎ᠠ ᠲᠣᠯᠣᠭᠠᠢ ᠨᠡᠮᠡᠭᠳᠡᠵᠦ ᠪᠠᠶᠢᠭ᠎ᠠ ᠨᠢ ᠨᠥᠯᠦᠭᠡᠯᠡᠭᠰᠡᠨ ᠶᠤᠮ᠃

ᠰᠡᠳᠬᠢᠭᠳᠡᠯ ᠦᠯᠡᠳᠡᠭᠡᠬᠦ