ᠬᠥᠭᠵᠢᠯ ᠦᠨ ᠪᠡᠷᠬᠡᠰᠢᠶᠡᠯ ᠲᠡᠢ ᠬᠡᠦᠬᠡᠳ ᠦᠳ ᠢ ᠨᠠᠷᠢᠨ ᠮᠡᠷᠭᠡᠵᠢᠯ ᠦᠨ ᠡᠮᠴᠢ ᠶᠢᠨ ᠦᠵᠡᠯᠭᠡ ᠳᠦ ᠬᠠᠮᠤᠷᠤᠭᠤᠯᠵᠤ ᠡᠬᠢᠯᠡᠵᠡᠢ᠃ ᠡᠨᠡ ᠲᠠᠯ᠎ᠠ ᠪᠠᠷ ᠡᠷᠡᠭᠦᠯ ᠮᠡᠨᠳᠦ ᠶᠢᠨ ᠰᠠᠶᠢᠳ ᠰ∙ᠡᠩᠬᠡᠪᠣᠯᠤᠳ᠄ ᠥᠨᠥᠳᠥᠷ 100 ᠭᠠᠷᠤᠢ ᠬᠡᠦᠬᠡᠳ ᠢ ᠮᠡᠳᠡᠷᠡᠯ᠂ ᠵᠢᠷᠦᠬᠡ ᠰᠤᠳᠠᠰᠤ᠂ ᠪᠥᠭᠡᠷ᠎ᠡ᠂ ᠳᠣᠲᠣᠭᠠᠳᠤ ᠱᠦᠭᠦᠷᠡᠯ᠂ ᠬᠣᠭᠣᠯᠠ ᠪᠣᠯᠪᠠᠰᠤᠷᠠᠭᠤᠯᠬᠤ ᠡᠷᠬᠡᠲᠡᠨ᠂ ᠠᠮᠢᠰᠬᠤᠯ ᠤᠨ ᠡᠷᠬᠡᠲᠡᠨ ᠰᠤᠳᠤᠯᠤᠯ᠂ ᠤᠳᠤᠮ ᠵᠦᠢ᠂ ᠦᠶ᠎ᠡ ᠮᠥᠴᠢ ᠰᠤᠳᠤᠯᠤᠯ᠂ ᠬᠠᠷᠰᠢᠯ᠂ ᠥᠰᠪᠦᠷᠢ ᠦᠶ᠎ᠡ᠂ ᠬᠡᠯᠡ ᠵᠠᠰᠠᠯ᠂ ᠰᠡᠷᠭᠦᠭᠡᠨ ᠵᠠᠰᠠᠬᠤ᠂ ᠴᠢᠬᠢ ᠬᠠᠮᠠᠷ ᠬᠣᠭᠣᠯᠠᠢ᠂ ᠮᠡᠰᠡ ᠵᠠᠰᠠᠯ ᠵᠡᠷᠭᠡ 15 ᠲᠥᠷᠦᠯᠵᠢᠭᠰᠡᠨ ᠨᠠᠷᠢᠨ ᠮᠡᠷᠭᠡᠵᠢᠯ ᠦᠨ ᠡᠮᠴᠢ ᠶᠢᠨ ᠦᠵᠡᠯᠭᠡ ᠳᠦ ᠬᠠᠮᠤᠷᠤᠭᠤᠯᠤᠯᠠ᠃
ᠡᠨᠡ ᠬᠦ ᠦᠵᠡᠯᠭᠡ ᠣᠨᠣᠰᠢᠯᠠᠭ᠎ᠠ ᠦᠷᠭᠦᠯᠵᠢᠯᠡᠨ ᠬᠢᠭᠳᠡᠬᠦ ᠪᠥᠭᠡᠳ ᠵᠢᠯ ᠪᠦᠷᠢ ᠲᠣᠭᠲᠠᠮᠠᠯ ᠬᠢᠭᠳᠡᠳᠡᠭ ᠪᠠᠶᠢᠬᠤ ᠪᠠᠷ ᠲᠥᠯᠥᠪᠯᠡᠨ ᠠᠵᠢᠯᠯᠠᠵᠤ ᠪᠠᠶᠢᠨ᠎ᠠ ᠭᠡᠪᠡ᠃