ᠣᠨ ᠤ ᠡᠬᠢᠨ ᠦ ᠨᠠᠢ᠌ᠮᠠᠨ ᠰᠠᠷ᠎ᠠ ᠳᠤ ᠮᠠᠨ ᠤ ᠤᠯᠤᠰ ᠢᠮᠫᠣᠷᠲ ᠢᠶᠠᠷ ᠨᠡᠶᠢᠲᠡ 5599.7 ᠰᠠᠶ᠎ᠠ ᠪᠤᠶᠤ 5.6 ᠲᠡᠷᠪᠤᠮ ᠳ᠋ᠣᠯᠯᠠᠷ ᠤᠨ ᠪᠠᠷᠠᠭ᠎ᠠ᠂ ᠲᠦᠭᠦᠬᠡᠢ ᠡᠳ᠋ ᠢᠮᠫᠣᠷᠲᠯᠠᠭᠰᠠᠨ ᠨᠢ ᠡᠮᠦᠨᠡᠬᠢ ᠣᠨ ᠤ ᠮᠥᠨ ᠦᠶ᠎ᠡ ᠡᠴᠡ 1125.8 ᠰᠠᠶ᠎ᠠ ᠳ᠋ᠣᠯᠯᠠᠷ ᠪᠤᠶᠤ 25.2 ᠬᠤᠪᠢ ᠪᠠᠷ ᠥᠰᠦᠭᠰᠡᠨ ᠦᠵᠡᠭᠦᠯᠦᠯᠲᠡ ᠶᠤᠮ᠃ ᠢᠮᠫᠣᠷᠲ ᠢᠶᠠᠷ ᠨᠡᠶᠢᠯᠡᠭᠦᠯᠡᠭᠳᠡᠭᠰᠡᠨ ᠪᠠᠷᠠᠭᠠᠨ ᠤ 97.1 ᠬᠤᠪ ᠢ ᠸᠠᠯᠦᠲ᠋ᠠ ᠶᠢᠨ ᠲᠥᠯᠥᠪᠦᠷᠢ ᠲᠡᠢ ᠬᠤᠳᠠᠯᠳᠤᠭ᠎ᠠ ᠡᠵᠡᠯᠡᠵᠡᠢ᠃
ᠢᠮᠫᠣᠷᠲ ᠤᠨ ᠬᠦᠨᠡᠰᠦᠨ ᠦ ᠪᠦᠲᠦᠭᠡᠭᠳᠡᠬᠦᠨ ᠢ ᠬᠠᠷᠠᠪᠠᠯ ᠡᠯᠡᠰᠦᠨ ᠰᠢᠬᠢᠷ᠂ ᠴᠠᠭᠠᠨ ᠪᠤᠳᠠᠭ᠎ᠠ᠂ ᠬᠦᠨᠡᠰᠦᠨ ᠦ ᠨᠣᠭᠣᠭ᠎ᠠ᠂ ᠤᠷᠭᠤᠮᠠᠯ ᠤᠨ ᠲᠣᠰᠤᠨ ᠤ ᠢᠮᠫᠣᠷᠲ ᠪᠠᠭᠤᠷᠠᠭᠰᠠᠨ ᠪᠣᠯ ᠥᠳᠬᠡᠷᠡᠭᠦᠯᠦᠭᠰᠡᠨ ᠪᠣᠯᠤᠨ ᠬᠠᠭᠤᠷᠠᠢ ᠰᠦ᠂ ᠥᠨᠳᠡᠭᠡ᠂ ᠰᠠᠮᠤᠷ᠂ ᠵᠢᠮᠢᠰ᠂ ᠲᠠᠬᠢᠶ᠎ᠠ᠂ ᠭᠠᠬᠠᠢ ᠶᠢᠨ ᠮᠢᠬ᠎ᠠ᠂ ᠥᠭᠡᠬᠦᠨ ᠦ ᠢᠮᠫᠣᠷᠲ ᠡᠮᠦᠨᠡᠬᠢ ᠬᠣᠶᠠᠷ ᠣᠨ ᠲᠠᠢ ᠬᠠᠷᠢᠴᠠᠭᠤᠯᠬᠤ ᠳᠤ ᠥᠰᠦᠭᠰᠡᠨ ᠳ᠋ᠦᠩ ᠲᠡᠢ ᠪᠠᠶᠢᠨ᠎ᠠ᠃