ᠵᠢᠭᠡᠯᠡ ᠠᠪᠴᠤ᠂ ᠥᠷᠢ ᠲᠠᠯᠪᠢᠬᠤ ᠦᠭᠡᠢ ᠪᠠᠶᠢᠬᠤ ᠨᠢ ᠴᠢᠬᠤᠯᠠ | News.MN

ᠵᠢᠭᠡᠯᠡ ᠠᠪᠴᠤ᠂ ᠥᠷᠢ ᠲᠠᠯᠪᠢᠬᠤ ᠦᠭᠡᠢ ᠪᠠᠶᠢᠬᠤ ᠨᠢ ᠴᠢᠬᠤᠯᠠ

ᠤᠯᠤᠰ ᠤᠨ ᠶᠡᠬᠡ ᠬᠤᠷᠠᠯ ᠤᠨ ᠳᠠᠷᠤᠭ᠎ᠠ ᠭ ∙ᠽᠠᠨᠳᠠᠨᠰᠢᠲᠠᠷ᠎ᠠ 09 ᠰᠠᠷ᠎ᠠ ᠶᠢᠨ 09 ᠳᠤ ᠳᠡᠯᠡᠬᠡᠢ ᠶᠢᠨ ᠪᠠᠩᠬᠢᠨ ᠤ ᠬᠢᠲᠠᠳ ᠤᠯᠤᠰ᠂ ᠮᠣᠩᠭᠣᠯ ᠤᠯᠤᠰ᠂ ᠪᠦᠭᠦᠳᠡ ᠨᠠᠢᠷᠠᠮᠳᠠᠬᠤ ᠰᠤᠯᠤᠩᠭᠤᠰ ᠤᠯᠤᠰ ᠢ ᠬᠠᠷᠢᠭᠤᠴᠠᠭᠰᠠᠨ ᠵᠠᠬᠢᠷᠤᠯ ᠬᠠᠲᠤᠭᠲᠠᠢ ᠮᠠᠷᠠ ᠤᠣᠷᠪᠢᠺ ᠲᠡᠷᠢᠭᠦᠲᠡᠢ ᠲᠥᠯᠥᠭᠡᠯᠡᠭᠴᠢᠳ ᠢ ᠬᠦᠯᠢᠶᠡᠨ ᠠᠪᠴᠤ ᠠᠭᠤᠯᠵᠠᠯ᠎ᠠ᠃
ᠲᠡᠷᠡᠪᠡᠷ᠂ ᠰᠡᠭᠦᠯ ᠦᠨ ᠬᠣᠶᠠᠷ ᠵᠢᠯ ᠦᠨ ᠬᠤᠭᠤᠴᠠᠭᠠᠨ ᠳᠤ ᠴᠠᠷ᠎ᠠ ᠲᠠᠬᠤᠯ᠂ ᠳᠡᠯᠡᠬᠡᠢ ᠶᠢᠨ ᠤᠯᠤᠰ ᠲᠥᠷᠥ ᠶᠢᠨ ᠨᠥᠬᠥᠴᠡᠯ ᠪᠠᠶᠢᠳᠠᠯ᠂ ᠬᠢᠯᠢ ᠶᠢᠨ ᠪᠣᠭᠣᠮᠲᠠ ᠵᠡᠷᠭᠡ  ᠬᠦᠴᠦᠨ ᠵᠦᠢᠯᠡᠰ ᠮᠣᠩᠭᠣᠯ ᠤᠨ ᠡᠳ᠋ ᠦᠨ ᠵᠠᠰᠠᠭ᠂ ᠲᠡᠷᠡ ᠳᠤᠮᠳᠠ ᠪᠠᠨ ᠭᠠᠳᠠᠭᠠᠳᠤ ᠸᠠᠯᠢᠶᠤᠲ ᠤᠨ ᠨᠥᠭᠡᠴᠡ᠂ ᠲᠥᠯᠥᠪᠦᠷᠢ ᠶᠢᠨ ᠲᠡᠩᠴᠡᠯ ᠳᠦ ᠶᠡᠬᠡᠬᠡᠨ ᠨᠥᠯᠦᠭᠡᠯᠡᠵᠦ ᠪᠠᠶᠢᠨ᠎ᠠ᠃ ᠡᠳᠡᠭᠡᠷ ᠰᠣᠷᠢᠯᠲᠠ ᠨᠤᠭᠤᠳ ᠢ ᠳᠠᠪᠠᠨ ᠲᠤᠭᠤᠯᠬᠤ ᠶᠢᠨ ᠲᠤᠯᠠᠳᠠ ᠪᠢᠳᠡ ᠳᠡᠯᠡᠬᠡᠢ ᠶᠢᠨ ᠪᠠᠩᠬᠢ ᠲᠠᠢ ᠨᠢᠭᠲᠠ ᠬᠣᠯᠪᠣᠭ᠎ᠠ ᠲᠠᠢ ᠠᠵᠢᠯᠯᠠᠬᠤ ᠶᠢ ᠡᠷᠡᠮᠡᠯᠵᠡᠵᠦ ᠪᠠᠶᠢᠨ᠎ᠠ᠃ ᠢᠩᠭᠢᠬᠦ ᠳᠦ ᠪᠡᠨ ᠮᠣᠩᠭᠣᠯ ᠤᠯᠤᠰ ᠤᠨ ᠭᠠᠳᠠᠭᠠᠳᠤ ᠥᠷᠢ ᠶᠢᠨ ᠬᠡᠮᠵᠢᠶ᠎ᠡ ᠥᠨᠳᠥᠷ ᠪᠠᠶᠢᠭ᠎ᠠ ᠤᠴᠢᠷ ᠠᠴᠠ ᠦᠭᠭᠦᠭᠡᠵᠢ ᠪᠠᠭ᠎ᠠ ᠲᠠᠢ ᠵᠢᠭᠡᠯᠡ ᠠᠪᠴᠤ᠂ ᠥᠷᠢ ᠲᠠᠯᠪᠢᠬᠤ ᠦᠭᠡᠢ ᠪᠠᠶᠢᠬᠤ ᠪᠣᠳᠣᠯᠭ᠎ᠠ ᠶᠢ ᠪᠠᠷᠢᠬᠤ ᠨᠢ ᠴᠢᠬᠤᠯᠠ ᠭᠡᠪᠡ᠃
ᠬᠠᠲᠤᠭᠲᠠᠢ ᠮᠠᠷᠠ ᠤᠣᠷᠪᠢᠺ ᠬᠡᠯᠡᠬᠦ ᠳᠦ ᠪᠡᠨ᠂ ᠳᠡᠯᠡᠬᠡᠢ ᠶᠢᠨ ᠪᠠᠩᠬᠢ ᠮᠣᠩᠭᠣᠯ ᠤᠯᠤᠰ ᠤᠨ ᠬᠠᠮᠤᠭ ᠤᠨ ᠰᠠᠶᠢᠨ ᠲᠦᠩᠰᠢ ᠨᠢ ᠪᠠᠶᠢᠵᠤ᠂ ᠬᠠᠮᠤᠭ ᠤᠨ ᠦᠷ᠎ᠡ ᠦᠭᠭᠦᠭᠡᠵᠢ ᠲᠡᠢ ᠳᠡᠮᠵᠢᠯᠭᠡ ᠦᠵᠡᠭᠦᠯᠬᠦ ᠳᠦ ᠪᠡᠯᠡᠨ ᠪᠠᠶᠢᠨ᠎ᠠ᠃ ᠳᠡᠯᠡᠬᠡᠢ ᠶᠢᠨ ᠪᠠᠩᠬᠢᠨ ᠤ ᠵᠠᠬᠢᠷᠤᠯ ᠤᠳ ᠤᠨ ᠵᠥᠪᠯᠡᠯ ᠡᠴᠡ ᠲᠡᠭᠡᠭᠡᠪᠦᠷᠢ ᠯᠤᠭᠢᠰᠲ᠋ᠢᠺ ᠪᠣᠯᠤᠨ ᠤᠬᠠᠭᠠᠯᠢᠭ ᠵᠠᠰᠠᠭ ᠭᠡᠰᠡᠨ ᠬᠣᠶᠠᠷ ᠲᠥᠰᠥᠯ ᠢ ᠪᠠᠲᠤᠯᠠᠭᠰᠠᠨ᠃ ᠡᠶᠢᠮᠦ ᠳᠦ ᠢᠷᠡᠬᠦ ᠨᠠᠮᠤᠷ ᠤᠨ ᠴᠢᠭᠤᠯᠭᠠᠨ ᠢᠶᠠᠷ ᠤᠭ ᠠᠰᠠᠭᠤᠳᠠᠯ ᠤᠳ ᠢ ᠬᠡᠯᠡᠯᠴᠡᠨ ᠪᠠᠲᠤᠯᠠᠬᠤ ᠳᠤ ᠤᠯᠤᠰ ᠤᠨ ᠶᠡᠬᠡ ᠬᠤᠷᠠᠯ ᠤᠨ ᠳᠠᠷᠤᠭ᠎ᠠ ᠶᠢ ᠳᠡᠮᠵᠢᠯᠭᠡ ᠦᠵᠡᠭᠦᠯᠦᠨ ᠠᠵᠢᠯᠯᠠᠬᠤ ᠶᠢ ᠬᠦᠰᠡᠶ᠎ᠡ ᠭᠡᠪᠡ᠃

ᠰᠡᠳᠬᠢᠭᠳᠡᠯ ᠦᠯᠡᠳᠡᠭᠡᠬᠦ