ᠡᠸᠦ᠋ᠷᠦᠫᠡ ᠶᠢᠨ ᠬᠤᠯᠪᠤᠭᠠᠨ ᠤ ᠲᠥᠯᠦᠭᠡᠯᠡᠭᠴᠢᠳ ᠭᠤᠪᠢ ᠠᠯᠲᠠᠢ ᠠᠶᠢᠮᠠᠭ ᠲᠤ ᠠᠵᠢᠯᠯᠠᠵᠤ ᠪᠠᠶᠢᠨ᠎ᠡ | News.MN

ᠡᠸᠦ᠋ᠷᠦᠫᠡ ᠶᠢᠨ ᠬᠤᠯᠪᠤᠭᠠᠨ ᠤ ᠲᠥᠯᠦᠭᠡᠯᠡᠭᠴᠢᠳ ᠭᠤᠪᠢ ᠠᠯᠲᠠᠢ ᠠᠶᠢᠮᠠᠭ ᠲᠤ ᠠᠵᠢᠯᠯᠠᠵᠤ ᠪᠠᠶᠢᠨ᠎ᠡ

ᠶᠢᠰᠦᠳᠦᠭᠡᠷ ᠰᠠᠷ᠎ᠠ ᠶᠢᠨ 7-8  ᠳᠤ ᠡᠸᠦ᠋ᠷᠦᠫᠡ ᠶᠢᠨ ᠬᠤᠯᠪᠤᠭᠠᠨ ᠤ ᠮᠣᠩᠭᠤᠯ ᠤᠯᠤᠰ ᠬᠠᠷᠢᠭᠤᠴᠠᠭᠰᠠᠨ ᠵᠠᠬᠢᠷᠤᠯ ᠮ᠊∙ᠯᠧᠯᠠᠷᠵᠠᠷ ᠢᠶᠠᠷ ᠠᠬᠠᠯᠠᠭᠤᠯᠤᠭᠰᠠᠨ ᠠᠵᠢᠯ ᠤᠨ ᠪᠠᠭ ᠭᠤᠪᠢ ᠠᠯᠲᠠᠢ ᠠᠶᠢᠮᠠᠭ ᠲᠤ ᠠᠵᠢᠯᠯᠠᠵᠤ ᠪᠠᠶᠢᠨ᠎ᠡ᠃  ᠲᠡᠳᠡ ᠠᠶᠢᠮᠠᠭ ᠤᠨ ᠪᠡᠯᠴᠢᠭᠡᠷ ᠠᠰᠢᠭᠯᠠᠭᠴᠢᠳ ᠤᠨ ᠬᠤᠯᠪᠤᠭᠠᠨ ᠤ ᠦᠶᠯᠡ ᠠᠵᠢᠯᠯᠠᠭ᠎ᠠ ᠲᠠᠢ ᠲᠠᠨᠢᠯᠴᠠᠬᠤ ᠪᠠᠷ ᠲᠤᠰ ᠠᠶᠢᠮᠠᠭ ᠢ ᠵᠣᠷᠢᠨ ᠢᠷᠠᠵᠠᠢ᠃

ᠲᠡᠳᠡᠨ ᠳᠤ ᠲᠤᠰ ᠠᠶᠢᠮᠠᠭ ᠤᠨ ᠭᠠᠵᠠᠷ ᠤᠨ ᠬᠠᠷᠢᠯᠴᠠᠭ᠎ᠠ᠂ ᠪᠠᠷᠢᠯᠭ᠎ᠠ ᠬᠤᠳᠠ ᠪᠠᠶᠢᠭᠤᠯᠤᠯᠲᠠ ᠶᠢᠨ ᠭᠠᠵᠠᠷ ᠠᠴᠠ ᠬᠡᠷᠡᠭᠵᠢᠭᠦᠯᠵᠦ ᠪᠠᠶᠢᠭ᠎ᠠ ᠪᠡᠯᠴᠢᠭᠡᠷ ᠠᠰᠢᠭᠯᠠᠬᠤ ᠭᠡᠷ᠎ᠡ ᠶᠢᠨ ᠬᠥᠲᠥᠯᠪᠦᠷᠢ᠂ ᠲᠦᠭᠦᠬᠡᠢ ᠡᠳ᠋ ᠤᠨ ᠭᠠᠷᠤᠯ ᠡᠭᠦᠰᠦᠯ ᠴᠢᠨᠠᠷ ᠤᠨ ᠮᠥᠰᠬᠢᠬᠦ ᠲᠣᠭᠲᠠᠯᠴᠠᠭᠠᠨ ᠤ ᠰᠠᠭᠤᠷᠢ ᠮᠡᠳᠡᠭᠡᠯᠡᠯ ᠢ ᠲᠠᠨᠢᠯᠴᠠᠭᠤᠯᠪᠠ᠃ ᠠᠵᠢᠯ ᠤᠨ ᠪᠠᠭ ᠮᠦᠨ ᠡᠷᠳᠡᠨᠢ ᠰᠤᠮᠤᠨ ᠳᠤ ᠠᠵᠢᠯᠯᠠᠵᠤ᠂ ᠮᠠᠯ ᠤᠨ ᠭᠠᠷᠤᠯ ᠲᠠᠢ  ᠲᠦᠭᠦᠬᠡᠢ ᠡᠳ᠋ ᠤᠨ RTMS ᠰᠢᠰᠲ᠋ᠧᠮ ᠤᠨ ᠬᠡᠷᠡᠭᠵᠢᠯᠲᠡ ᠪᠤᠯᠦᠠ ᠮᠠᠯᠴᠢᠳ ᠤᠨ ᠬᠤᠷᠰᠢᠶᠠᠨ ᠤ ᠨᠣᠤᠰᠣ ᠨᠣᠯᠤᠤᠷ ᠤᠨ ᠪᠡᠯᠡᠦᠡᠭᠡᠯ ᠠᠵᠢᠯ ᠤᠳ ᠲᠠᠢ ᠲᠠᠨᠢᠯᠴᠠᠵᠤ ᠪᠠᠶᠢᠭ᠎ᠠ ᠲᠤᠬᠠᠶ ᠭᠤᠪᠢ ᠠᠯᠲᠠᠢ ᠠᠶᠢᠮᠠᠭ ᠤᠨ  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠠᠴᠠ ᠮᠡᠳᠡᠭᠡᠯᠡᠪᠡ᠃

ᠰᠡᠳᠬᠢᠭᠳᠡᠯ ᠦᠯᠡᠳᠡᠭᠡᠬᠦ