Southgobi Resources ᠶᠢᠨ 23 ᠬᠤᠪᠢ ᠶᠢ JD ZHIXING ᠬᠤᠳᠠᠯᠳᠤᠨ ᠠᠪᠤᠯ᠎ᠠ | News.MN

Southgobi Resources ᠶᠢᠨ 23 ᠬᠤᠪᠢ ᠶᠢ JD ZHIXING ᠬᠤᠳᠠᠯᠳᠤᠨ ᠠᠪᠤᠯ᠎ᠠ

ᠬᠤᠩᠺᠤᠩ ᠪᠤᠯᠦᠠ ᠲᠤᠷᠤᠨᠲ᠋ᠤ᠋ ᠶᠢᠨ ᠬᠥᠷᠦᠩᠭᠡ ᠶᠢᠨ ᠪᠢᠷᠵᠢ ᠳᠤ ᠳᠠᠪᠬᠤᠷ ᠪᠦᠷᠢᠳᠬᠡᠯ ᠲᠠᠢ︽ᠣᠪᠣᠭᠠᠲᠤ ᠲᠣᠯᠤᠭᠠᠢ︾ ᠨᠡᠭᠦᠷᠡᠰᠦᠨ ᠤ ᠠᠭᠤᠷᠬᠠᠢ ᠳᠤ ᠣᠯᠪᠤᠷᠢᠯᠠᠯᠲᠠ ᠬᠢᠳᠡᠭ SouthGobi Resources  ᠺᠣᠮᠫᠠᠨᠢ ᠶᠢᠨ 64.7 ᠰᠠᠶ᠎ᠠ ᠰᠢᠷᠭᠡᠭ ᠡᠩ ᠤᠨ ᠬᠤᠪᠢᠴᠠᠭ᠎ᠠ ᠶᠢ  ᠬᠢᠲᠠᠳ  ᠤᠨ JD Zhixing ᠰᠠᠩ ᠳᠣᠯᠤᠭᠠᠨ ᠰᠠᠶ᠎ᠠ  ᠳ᠋ᠣᠯᠯᠠᠷ ᠢᠶᠠᠷ ᠠᠪᠤᠭᠰᠠᠨ ᠪᠠᠶᠢᠨ᠎ᠡ᠃
SouthGobi Resources ᠣᠨ ᠤ ᠡᠬᠢᠨ ᠤ ᠬᠠᠭᠠᠰ ᠵᠢᠯ ᠳᠤ 0.1  ᠰᠠᠶ᠎ᠠ ᠲᠣᠨ ᠨᠡᠭᠦᠷᠡᠰᠦ ᠡᠺᠰᠫᠣᠷᠲᠯᠠᠵᠤ᠂ 2.7   ᠰᠠᠶ᠎ᠠ  ᠳ᠋ᠣᠯᠯᠠᠷ ᠤᠨ ᠠᠰᠢᠭ ᠲᠠᠢ ᠠᠵᠢᠯᠯᠠᠵᠠᠢ᠃ ᠲᠤᠰ ᠻᠣᠮᠫᠠᠨᠢ︽ᠣᠪᠣᠭᠠᠲᠤ ᠲᠣᠯᠤᠭᠠᠢ︾ ᠠᠴᠠ ᠭᠠᠳᠡᠨ᠎ᠡ︽ᠵᠠᠭ ᠰᠡᠬᠦᠵᠢ︾᠂︽ᠰᠦᠮᠪᠦᠷ︾ᠨᠡᠭᠦᠷᠡᠰᠦᠨ ᠤ ᠣᠷᠳᠣ ᠶᠢᠨ ᠠᠰᠢᠭᠯᠠᠯᠲᠠ ᠶᠢᠨ ᠯᠢᠼᠧᠨ᠋ᠽ ᠢ ᠳᠠᠪᠬᠤᠷ ᠡᠵᠡᠮᠰᠢᠳᠡᠭ ᠪᠠᠶᠢᠨ᠎ᠡ᠃

ᠰᠡᠳᠬᠢᠭᠳᠡᠯ ᠦᠯᠡᠳᠡᠭᠡᠬᠦ