ᠺᠠᠨᠠᠳᠠ ᠤᠯᠤᠰ ᠤᠨ ᠵᠥᠪᠯᠡᠬᠦ ᠮᠠᠷᠲ᠋ᠢᠨ ᠢᠩᠭᠧᠨ ᠬᠠᠦ᠋ᠰ ᠳᠤᠮᠳᠠᠭᠤᠪᠢ ᠳᠤ ᠠᠵᠢᠯᠯᠠᠨ᠎ᠠ | News.MN

ᠺᠠᠨᠠᠳᠠ ᠤᠯᠤᠰ ᠤᠨ ᠵᠥᠪᠯᠡᠬᠦ ᠮᠠᠷᠲ᠋ᠢᠨ ᠢᠩᠭᠧᠨ ᠬᠠᠦ᠋ᠰ ᠳᠤᠮᠳᠠᠭᠤᠪᠢ ᠳᠤ ᠠᠵᠢᠯᠯᠠᠨ᠎ᠠ

ᠳᠤᠮᠲᠠᠭᠤᠪᠢ ᠠᠶᠢᠮᠠᠭ ᠪᠤᠯᠦᠠ MERIT ᠲᠥᠰᠥᠯ ᠤᠨ ᠬᠠᠮᠲᠤ ᠶᠢᠨ ᠠᠵᠢᠯᠯᠠᠭᠠᠨ ᠤ ᠬᠦᠷᠢᠶᠡᠨ ᠳᠤ ᠺᠠᠨᠠᠳᠠ ᠤᠯᠤᠰ ᠤᠨ ᠵᠥᠪᠯᠡᠬᠦ ᠮᠠᠷᠲ᠋ᠢᠨ ᠢᠩᠭᠧᠨ ᠬᠠᠦ᠋ᠰ ᠲᠤᠰ ᠠᠶᠢᠮᠠᠭ ᠤᠨ ᠲᠥᠷᠦ ᠶᠢᠨ ᠠᠯᠪᠠᠨ ᠬᠠᠭᠠᠭᠴᠢᠳ ᠢ ᠴᠢᠳᠠᠪᠬᠢᠵᠢᠭᠤᠯᠬᠤ ᠪᠠᠷ ᠤᠷᠢᠭᠳᠠᠨ ᠢᠷᠠᠵᠠᠢ᠃︽ᠢᠨᠰᠲ᠋ᠢᠲ᠋ᠦ᠋ᠴ  ᠤᠨ ᠥᠭᠡᠷᠡᠴᠢᠯᠡᠯᠲᠡ ᠬᠢᠬᠦ ᠵᠠᠮ ᠢᠶᠠᠷ ᠡᠷᠦᠳᠡᠰᠦ ᠪᠠᠶᠠᠯᠢᠭ ᠤᠨ ᠮᠧᠨᠧᠵᠮᠧᠨ᠋ᠲ ᠢ ᠰᠠᠶᠢᠵᠢᠷᠠᠭᠤᠯᠬᠤ ᠨᠢ︾︵ MERIT︶ᠲᠥᠰᠥᠯ ᠲᠥᠷᠦ ᠶᠢᠨ ᠪᠠᠶᠢᠭᠤᠯᠤᠯᠭ᠎ᠠ ᠨᠤᠭᠤᠳ ᠤᠨ ᠮᠧᠨᠧᠵᠮᠧᠨ᠋ᠲ ᠢ ᠰᠠᠶᠢᠵᠢᠷᠠᠭᠤᠯᠬᠤ ᠵᠠᠮ ᠢᠶᠠᠷ ᠣᠯᠪᠤᠷᠢᠯᠠᠬᠤ ᠰᠠᠯᠪᠤᠷᠢ ᠶᠢᠨ ᠨᠡᠶᠢᠭᠡᠮ᠂ ᠡᠳ᠋ ᠤᠨ ᠵᠠᠰᠠᠭ ᠤᠨ ᠲᠣᠭᠲᠠᠪᠤᠷᠢᠲᠠᠶ ᠬᠥᠭᠵᠢᠯ ᠳᠤ ᠣᠷᠣᠭᠤᠯᠵᠤ ᠪᠤᠶ ᠬᠤᠪᠢ ᠨᠡᠮᠡᠷᠢ ᠶᠢ ᠨᠡᠮᠡᠭᠳᠡᠭᠦᠯᠬᠦ ᠵᠣᠷᠢᠯᠭ᠎ᠠ ᠪᠠᠷ 2016 ᠣᠨ ᠠᠴᠠ ᠬᠡᠷᠡᠭᠵᠢᠵᠦ ᠪᠤᠶ ᠶᠤᠮ᠃
ᠤᠭ ᠲᠥᠰᠥᠯ ᠨᠢ ᠠᠭᠤᠯᠠ ᠠᠭᠤᠷᠬᠠᠢ ᠶᠢᠨ ᠠᠵᠤ ᠠᠬᠤᠢ ᠶᠢᠨ ᠨᠢᠭᠡᠴᠢ ᠨᠤᠭᠦᠳ ᠲᠠᠢ ᠪᠠᠶᠢᠭᠤᠯᠳᠠᠭ︽ᠣᠷᠣᠨ ᠨᠤᠲᠤᠭ ᠤᠨ ᠬᠠᠮᠲᠤ ᠶᠢᠨ ᠠᠵᠢᠯᠯᠠᠭᠠᠨ ᠤ ᠭᠡᠷ᠎ᠡ︾ ᠶᠢ ᠰᠠᠶᠢᠵᠢᠷᠠᠭᠤᠯᠬᠤ᠂  ᠠᠭᠤᠯᠠ ᠠᠭᠤᠷᠬᠠᠢ ᠶᠢᠨ ᠦᠶᠯᠡ ᠠᠵᠢᠯᠯᠠᠭᠠᠨ ᠠᠴᠠ ᠣᠷᠣᠨ ᠨᠤᠲᠤᠭ ᠤᠨ ᠢᠷᠭᠡᠳ ᠤᠨ ᠬᠦᠷᠲᠡᠬᠦ ᠦᠷ᠎ᠡ ᠰᠢᠮ᠎ᠡ ᠶᠢ ᠨᠡᠮᠡᠭᠳᠡᠭᠦᠯᠬᠦ᠂ ᠤᠯᠠᠮ ᠢᠶᠠᠷ ᠣᠷᠣᠨ ᠨᠤᠲᠤᠭ ᠤᠨ ᠡᠳ᠋ ᠤᠨ ᠵᠠᠰᠠᠭ ᠢ ᠬᠥᠭᠵᠢᠭᠦᠯᠬᠦ ᠳᠤ ᠬᠤᠪᠢ ᠨᠡᠮᠡᠷᠢ ᠪᠠᠨ ᠣᠷᠣᠭᠤᠯᠬᠤ ᠳᠤ ᠴᠢᠭᠯᠡᠭᠳᠡᠳᠡᠭ ᠃  ᠵᠥᠪᠯᠡᠬᠦ ᠮᠠᠷᠲ᠋ᠢᠨ ᠢᠩᠭᠧᠨ ᠬᠠᠦ᠋ᠰ ᠺᠠᠨᠠᠳᠠ ᠤᠯᠤᠰ ᠲᠤ ᠬᠠᠮᠲᠤ ᠶᠢᠨ ᠠᠵᠢᠯᠯᠠᠭᠠᠨ ᠤ ᠭᠡᠷ᠎ᠡ ᠶᠢᠨ ᠴᠢᠭᠯᠡᠯ ᠢᠶᠠᠷ ᠮᠡᠷᠭᠡᠰᠢᠭᠰᠡᠨ ᠪᠥᠭᠡᠳ 2017 ᠣᠨ ᠳᠤ ᠳᠣᠷᠣᠨᠠᠲᠤ ᠠᠶᠢᠮᠠᠭ ᠤᠨ ᠣᠷᠣᠨ ᠨᠤᠲᠤᠭ ᠤᠨ ᠬᠠᠮᠲᠤ ᠶᠢᠨ ᠠᠵᠢᠯᠯᠠᠭᠠᠨ ᠤ ᠭᠡᠷ᠎ᠡ ᠶᠢ ᠰᠠᠶᠢᠵᠢᠷᠠᠭᠤᠯᠬᠤ ᠳᠤ ᠵᠥᠪᠯᠡᠬᠦ ᠪᠠᠷ ᠠᠵᠢᠯᠯᠠᠵᠤ ᠪᠠᠶᠢᠭᠰᠠᠨ ᠲᠤᠷᠰᠢᠯᠭ᠎ᠠ ᠲᠠᠢ᠃

ᠰᠡᠳᠬᠢᠭᠳᠡᠯ ᠦᠯᠡᠳᠡᠭᠡᠬᠦ