ᠠᠮᠢᠲᠠᠳ ᠤᠨ ᠵᠠᠩ ᠲᠥᠯᠥᠪ ᠢ ᠬᠡᠷᠡᠯ ᠵᠢᠷᠤᠭ ᠢᠶᠠᠷ ᠳᠠᠮᠵᠢᠭᠤᠯᠤᠨ ᠰᠤᠳᠤᠯᠵᠤ ᠪᠠᠶᠢᠨ᠎ᠡ | News.MN

ᠠᠮᠢᠲᠠᠳ ᠤᠨ ᠵᠠᠩ ᠲᠥᠯᠥᠪ ᠢ ᠬᠡᠷᠡᠯ ᠵᠢᠷᠤᠭ ᠢᠶᠠᠷ ᠳᠠᠮᠵᠢᠭᠤᠯᠤᠨ ᠰᠤᠳᠤᠯᠵᠤ ᠪᠠᠶᠢᠨ᠎ᠡ

ᠣᠳᠬᠤᠨᠲᠡᠭᠷᠢ ᠶᠢᠨ ᠤᠯᠤᠰ ᠤᠨ ᠲᠤᠰᠬᠠᠶ ᠬᠠᠮᠠᠭᠠᠯᠠᠯᠲᠠ ᠲᠠᠢ ᠭᠠᠵᠠᠷ ᠤᠨ ᠵᠠᠬᠢᠷᠭ᠎ᠠ ᠨᠢ ᠵᠡᠷᠯᠢᠭ ᠠᠮᠢᠲᠠᠳ ᠤᠨ ᠪᠠᠶᠢᠷᠢᠰᠢᠯ᠂ ᠵᠦᠢᠯ ᠤᠨ ᠪᠦᠷᠢᠳᠦᠯ᠂ ᠲᠤᠭ᠎ᠠ ᠲᠣᠯᠣᠭᠠᠢ ᠶᠢ ᠲᠤᠬᠳᠡᠭᠠᠬᠤ ᠨᠡᠷᠢᠠ ᠮᠡᠳᠡᠭᠡᠯᠡᠯ ᠴᠤᠭᠯᠠᠭᠤᠯᠬᠤ ᠵᠣᠷᠢᠯᠭ᠎ᠠ ᠪᠠᠷ ᠰᠡᠭᠦᠯ ᠤᠨ ᠬᠤᠶᠠᠷ ᠵᠢᠯ 40 ᠭᠠᠷᠦᠢ ᠠᠦ᠋ᠲ᠋ᠣᠮᠠᠲ ᠺᠠᠮᠧᠷ ᠢ ᠰᠤᠳᠤᠯᠭᠠᠨ ᠳᠠᠭᠠᠨᠠᠰᠢᠭᠯᠠᠵᠤ᠂ ᠵᠡᠷᠯᠢᠭ ᠠᠮᠢᠲᠠᠳ ᠤᠨ 1700 ᠭᠠᠷᠦᠢ ᠡᠳᠦᠷ ᠤᠨ ᠬᠡᠷᠡᠯ ᠵᠢᠷᠤᠭ᠂ 600 ᠭᠠᠷᠦᠢ ᠰᠥᠨᠢ ᠶᠢᠨ ᠬᠡᠷᠡᠯ ᠵᠢᠷᠤᠭ ᠢ ᠠᠪᠴᠠᠢ᠃
ᠰᠤᠳᠤᠯᠭᠠᠨ ᠤ ᠳ᠋ᠦᠩ ᠳᠤ ᠬᠠᠯᠢᠭᠤᠨ ᠪᠤᠭᠤ᠂ ᠴᠣᠬᠤᠷ ᠢᠷᠪᠢᠰ᠂ ᠨᠣᠬᠠᠶ ᠵᠢᠭᠡᠬᠡ᠂ ᠰᠢᠯᠦᠭᠦᠰᠦ ᠮᠢ᠂ ᠠᠯᠲᠠᠢ ᠶᠢᠨ ᠬᠤᠶᠢᠯᠤᠭ᠂  ᠡᠷᠢᠶᠡᠨ ᠬᠠᠪᠢᠷᠭ᠎ᠠ ᠬᠠᠬᠢᠯᠠᠭ ᠵᠡᠷᠭᠡ 70 ᠣᠷᠴᠢᠮ ᠵᠡᠷᠯᠢᠭ ᠠᠮᠢᠲᠠᠨ ᠤ ᠵᠢᠷᠤᠭ ᠢ ᠮᠠᠰᠢ ᠣᠶᠢᠷ᠎ᠠ ᠠᠴᠠ ᠠᠪᠴᠤ ᠴᠠᠬᠢᠮ  ᠰᠠᠩ ᠳᠤ ᠬᠠᠳᠠᠭᠠᠯᠠᠵᠠᠢ᠃ ᠵᠡᠷᠯᠢᠭ ᠠᠮᠢᠲᠠᠳ ᠤᠨ ᠦᠷ᠎ᠡ ᠲᠥᠯ ᠲᠠᠢ ᠪᠠᠨ ᠬᠠᠮᠲᠤ ᠪᠤᠯᠦᠠ ᠭᠡᠷ ᠪᠦᠯᠢ ᠪᠠᠷ ᠢᠶᠠᠨ ᠪᠠᠶᠢᠭ᠎ᠠ ᠪᠤᠯᠤᠨ ᠢᠵᠢᠯᠢ ᠰᠦᠷᠦᠭ ᠠᠴᠠ ᠪᠠᠨ ᠲᠠᠰᠤᠷᠠᠵᠤ ᠪᠤᠶ ᠪᠠᠶᠢᠳᠠᠯ᠂ ᠵᠠᠩ ᠲᠥᠯᠥᠪ ᠢ ᠴᠤ ᠳᠡᠭᠡᠷᠡᠬᠢ ᠬᠡᠷᠡᠯ ᠵᠢᠷᠤᠭ ᠤᠳ ᠠᠴᠠ ᠬᠠᠷᠠᠵᠤ ᠰᠤᠳᠤᠯᠵᠤ ᠪᠣᠯᠬᠤ ᠪᠠᠷ ᠪᠠᠶᠢᠭ᠎ᠠ ᠨᠢ ᠰᠣᠨᠢᠷᠬᠠᠯᠲᠠᠢ ᠪᠠᠶᠢᠨ᠎ᠡ ᠃

ᠰᠡᠳᠬᠢᠭᠳᠡᠯ ᠦᠯᠡᠳᠡᠭᠡᠬᠦ