ᠴᠡᠩᠳᠡ ᠭᠦᠩ ᠦᠨ︽ᠮᠣᠩᠭᠣᠯ ᠤᠨ ᠨᠢᠭᠤᠴᠠ ᠲᠣᠪᠴᠢᠶᠠᠨ︾ᠨᠣᠮ ᠳᠤ 8740 ᠭᠠᠷᠦᠢ ᠦᠭᠡ ᠶᠢ ᠲᠠᠶᠢᠯᠪᠤᠷᠢᠯᠠᠵᠠᠢ | News.MN

ᠴᠡᠩᠳᠡ ᠭᠦᠩ ᠦᠨ︽ᠮᠣᠩᠭᠣᠯ ᠤᠨ ᠨᠢᠭᠤᠴᠠ ᠲᠣᠪᠴᠢᠶᠠᠨ︾ᠨᠣᠮ ᠳᠤ 8740 ᠭᠠᠷᠦᠢ ᠦᠭᠡ ᠶᠢ ᠲᠠᠶᠢᠯᠪᠤᠷᠢᠯᠠᠵᠠᠢ

︽ᠪᠤᠳᠤᠯᠭᠠᠲᠤ ᠪᠠᠭᠠᠲᠤᠷ ᠭᠦᠩ ᠰᠠᠩ︾ᠲᠥᠷᠦ ᠶᠢᠨ ᠪᠤᠰᠤ ᠪᠠᠶᠢᠭᠤᠯᠤᠯᠭ᠎ᠠ ᠠᠴᠠ︽ᠴᠡᠩᠳᠡ ᠭᠦᠩ ᠦᠨ ᠣᠷᠴᠢᠭᠤᠯᠤᠭᠰᠠᠨ <ᠮᠣᠩᠭᠣᠯ ᠤᠨ ᠨᠢᠭᠤᠴᠠ ᠲᠣᠪᠴᠢᠶᠠᠨ> ᠲᠠᠶᠢᠯᠪᠤᠷᠢᠳᠤ  ᠡᠬᠡ︾ ᠶᠢ ᠪᠦᠷᠢᠠ ᠡᠬᠡ ᠪᠠᠷ ᠪᠦᠲᠦᠭᠡᠭᠰᠡᠨ ᠲᠤᠬᠠᠶ ᠮᠡᠳᠡᠭᠡᠯᠡᠪᠡ᠃ ᠡᠨᠡ ᠬᠦ ᠨᠣᠮ ᠢ  ᠰᠢᠨᠵᠢᠯᠡᠬᠦ ᠤᠬᠠᠭᠠᠨ ᠤ ᠠᠻᠠᠳᠧᠮᠢ  ᠶᠢᠨ ᠬᠡᠯᠡ ᠵᠣᠬᠢᠶᠠᠯ ᠤᠨ ᠬᠦᠷᠢᠶᠡᠯᠡᠩ ᠤᠨ ᠤᠳᠬ᠎ᠠ ᠵᠤᠬᠢᠶᠡᠯ ᠰᠤᠳᠤᠯᠤᠯ ᠤᠨ ᠰᠠᠯᠪᠤᠷᠢ ᠶᠢᠨ ᠡᠷᠬᠢᠯᠡᠭᠴᠢ᠂ ᠳ᠋ᠣᠺᠲ᠋ᠣᠷ᠂ ᠫᠷᠣᠹᠧᠰᠰᠣᠷ ᠬ᠋᠊ ·ᠪᠡᠯᠭᠦᠳᠡᠢ᠂ ᠲᠤᠰ ᠰᠠᠯᠪᠤᠷᠢ ᠶᠢᠨ ᠡᠷᠳᠡᠮ ᠰᠢᠨᠵᠢᠯᠡᠭᠡᠨ ᠤ ᠲᠡᠷᠢᠭᠦᠯᠡᠬᠦ ᠠᠵᠢᠯᠲᠠᠨ᠂ ᠳ᠋ᠣᠺᠲ᠋ᠣᠷ ᠂ ᠳᠡᠳ᠋ ᠫᠷᠣᠹᠧᠰᠰᠣᠷ ᠳ᠋᠊ · ᠪᠣᠯᠤᠷᠮ᠎ᠠ ᠨᠠᠷ ᠡᠷᠬᠢᠯᠡᠨ ᠬᠡᠪᠯᠡᠭᠦᠯᠵᠡᠢ᠃
ᠲᠤᠰᠠ ᠨᠣᠮ ᠢ ᠡᠮᠦᠨ᠎ᠡ ᠨᠢ ᠭᠤᠷᠪᠠᠨ ᠤᠳᠠᠭ᠎ᠠ ᠬᠡᠪᠯᠡᠵᠦ ᠪᠠᠶᠢᠵᠠᠢ᠃ ᠬᠠᠷᠢᠨ ᠡᠨᠡ ᠤᠳᠠᠭ᠎ᠠ ᠳᠤ︽ᠴᠡᠩᠳᠡ ᠭᠦᠩ ᠦᠨ ᠣᠷᠴᠢᠭᠤᠯᠤᠭᠰᠠᠨ <ᠮᠣᠩᠭᠣᠯ ᠤᠨ ᠨᠢᠭᠤᠴᠠ ᠲᠣᠪᠴᠢᠶᠠᠨ> ᠲᠠᠶᠢᠯᠪᠤᠷᠢᠳᠤ  ᠡᠬᠡ︾ᠨᠣᠮ ᠢ ᠰᠢᠨ᠎ᠡ  ᠦᠰᠦᠭ ᠲᠤ ᠪᠠᠭᠤᠯᠭᠠᠬᠤ ᠳᠤ ᠪᠠᠨ 100 ᠵᠢᠯ ᠤᠨ ᠡᠮᠦᠨᠡᠬᠢ ᠴᠡᠩᠳᠡ ᠭᠦᠩ ᠦᠨ ᠣᠷᠴᠢᠭᠤᠯᠭ᠎ᠠ ᠶᠢᠨ ᠦᠭᠡ ᠦᠰᠦᠭ ᠢ ᠲᠡᠷᠡ ᠬᠡᠪ ᠢᠶᠠᠷ ᠨᠢ᠂ ᠣᠷᠴᠢᠨ ᠴᠠᠭ ᠤᠨ ᠮᠣᠩᠭᠤᠯ ᠬᠡᠯᠡ ᠪᠠᠷ ᠬᠦᠷᠪᠡᠬᠦᠯᠬᠦ ᠳᠤ ᠪᠠᠨ ᠤᠭ ᠡᠬᠡ ᠲᠠᠢ ᠪᠠᠨ ᠵᠦᠷᠢᠬᠦ ᠦᠭᠡᠢ ᠪᠠᠶᠢᠬᠤ᠂ ᠮᠦᠠ ᠲᠤᠬᠠᠢ ᠶᠢᠨ ᠡᠬᠡ ᠶᠢᠨ ᠨᠢᠭᠡ ᠴᠤ ᠦᠭᠡ ᠦᠰᠦᠭ ᠢ ᠥᠭᠡᠷᠡᠴᠢᠯᠡᠯ ᠦᠭᠡᠢ ᠪᠠᠷ ᠪᠠᠭᠤᠯᠭᠠᠬᠤ ᠶᠢ ᠵᠣᠷᠢᠵᠠᠢ᠃ ᠰᠢᠨ᠎ᠡ ᠬᠡᠪᠯᠡᠯ ᠢ ᠡᠷᠳᠡᠮᠲᠡᠳ 2018 ᠣᠨ ᠠᠴᠠ ᠡᠬᠢᠯᠡᠨ ᠪᠡᠯᠡᠳᠬᠡᠵᠦ᠂ 2022 ᠣᠨ ᠤ 5 ᠳ᠋ᠤᠭᠠᠷ ᠰᠠᠷ᠎ᠠ ᠳᠤ ᠭᠤᠷᠪᠠᠨ ᠪᠣᠳᠢ ᠪᠣᠯᠭᠠᠨ ᠳᠠᠭᠤᠰᠬᠠᠵᠠᠢ᠃

ᠰᠡᠳᠬᠢᠭᠳᠡᠯ ᠦᠯᠡᠳᠡᠭᠡᠬᠦ