ᠫᠠᠺ ᠵᠢᠩ ᠮᠣᠩᠭᠤᠯ ᠢᠷᠭᠡᠳ ᠤᠨ ᠲᠥᠯᠥᠭᠡᠯᠡᠭᠴᠢᠳ ᠢ ᠬᠦᠯᠢᠶᠡᠨ ᠠᠪᠴᠤ ᠠᠭᠤᠯᠵᠠᠪᠠ | News.MN

ᠫᠠᠺ ᠵᠢᠩ ᠮᠣᠩᠭᠤᠯ ᠢᠷᠭᠡᠳ ᠤᠨ ᠲᠥᠯᠥᠭᠡᠯᠡᠭᠴᠢᠳ ᠢ ᠬᠦᠯᠢᠶᠡᠨ ᠠᠪᠴᠤ ᠠᠭᠤᠯᠵᠠᠪᠠ

ᠪᠦᠬᠦᠳᠠ ᠨᠠᠶᠢᠷᠠᠮᠳᠠᠬᠤ ᠰᠣᠯᠤᠩᠭᠤᠰ ᠤᠯᠤᠰ  ᠤᠨ ᠭᠠᠳᠠᠭᠠᠳᠤ ᠬᠡᠷᠡᠭ ᠤᠨ ᠰᠠᠶᠢᠳ ᠫᠠᠺ ᠵᠢᠩ ᠮᠣᠩᠭᠤᠯ ᠤᠯᠤᠰ ᠠᠴᠠ  ᠪᠦᠬᠦᠳᠠ ᠨᠠᠶᠢᠷᠠᠮᠳᠠᠬᠤ ᠰᠣᠯᠤᠩᠭᠤᠰ ᠤᠯᠤᠰ ᠲᠤ ᠰᠠᠭᠤᠭ᠎ᠠ ᠣᠨᠴᠠ ᠪᠥᠭᠡᠳ ᠪᠦᠷᠢᠠ ᠡᠷᠬᠡᠲᠦ ᠡᠯᠴᠢᠨ ᠰᠠᠶᠢᠳ ᠡ᠊ · ᠰᠠᠷᠠᠨᠲᠤᠭᠤᠰ ᠪᠤᠯᠦᠠ  ᠪᠦᠬᠦᠳᠠ ᠨᠠᠶᠢᠷᠠᠮᠳᠠᠬᠤ ᠰᠣᠯᠤᠩᠭᠤᠰ ᠤᠯᠤᠰ ᠲᠡᠬᠢ ᠮᠣᠩᠭᠤᠯ ᠢᠷᠭᠡᠳ ᠤᠨ ᠲᠥᠯᠥᠭᠡᠯᠡᠭᠴᠢᠳ ᠢ ᠡᠨᠡ ᠰᠠᠷ᠎ᠠ ᠶᠢᠨ 25 ᠳᠦ ᠬᠦᠯᠢᠶᠡᠨ ᠠᠪᠴᠤ ᠠᠭᠤᠯᠵᠠᠪᠠ᠃
ᠠᠭᠤᠯᠵᠠᠯᠲᠠ  ᠪᠡᠷ ᠮᠣᠩᠭᠤᠯ᠂  ᠪᠦᠬᠦᠳᠠ ᠨᠠᠶᠢᠷᠠᠮᠳᠠᠬᠤ ᠰᠣᠯᠤᠩᠭᠤᠰ ᠤᠯᠤᠰ  ᠤᠨ ᠬᠠᠷᠢᠯᠴᠠᠭ᠎ᠠ᠂ ᠨᠡᠩ ᠢᠯᠠᠩᠭᠤᠶ᠎ᠠ ᠢᠷᠭᠡᠳ ᠤᠨ ᠰᠣᠯᠢᠯᠴᠠᠭ᠎ᠠ᠂ ᠠᠷᠠᠳ ᠢᠷᠭᠡᠳ ᠤᠨ ᠨᠠᠶᠢᠷᠠᠮᠳᠠᠯ ᠨᠥᠬᠦᠷᠯᠡᠯ ᠢ ᠪᠠᠬᠢᠵᠢᠭᠦᠯᠬᠦ ᠲᠠᠯ᠎ᠠ ᠪᠠᠷ ᠳᠡᠯᠭᠡᠷᠡᠩᠭᠦᠢ ᠶᠠᠷᠢᠯᠴᠠᠪᠠ᠃  ᠡᠯᠴᠢᠨ ᠰᠠᠶᠢᠳ ᠡ᠊ ·ᠰᠠᠷᠠᠨᠲᠤᠭᠤᠰ ᠪᠤᠯᠦᠠ ᠮᠠᠨ ᠤ ᠲᠠᠯ᠎ᠠ ᠠᠴᠠ ᠠᠭᠤᠯᠵᠠᠯᠲᠠ ᠳᠤ ᠤᠷᠤᠯᠴᠠᠭᠰᠠᠳ ᠮᠣᠩᠭᠤᠯ᠂  ᠪᠦᠬᠦᠳᠠ ᠨᠠᠶᠢᠷᠠᠮᠳᠠᠬᠤ ᠰᠣᠯᠤᠩᠭᠤᠰ ᠤᠯᠤᠰ  ᠤᠨ ᠬᠠᠷᠢᠯᠴᠠᠭ᠎ᠠ ᠨᠡᠩ ᠢᠯᠠᠩᠭᠤᠶ᠎ᠠ ᠪᠢᠽᠢᠨᠧᠰ᠂ ᠡᠳ᠋ ᠤᠨ ᠵᠠᠰᠠᠭ ᠤᠨ ᠲᠠᠯᠠᠪᠤᠷ ᠲᠤ ᠤᠯᠠᠮ ᠲᠡᠯᠡᠭᠡᠰᠡᠢ ᠭᠡᠵᠦ ᠬᠦᠰᠡᠵᠦ ᠪᠠᠶᠢᠭ᠎ᠠ ᠪᠠᠨ ᠢᠯᠡᠷᠬᠡᠶᠢᠯᠡᠵᠦ᠂ ᠮᠣᠩᠭᠤᠯ ᠢᠷᠭᠡᠳ ᠤᠨ  ᠪᠦᠬᠦᠳᠠ ᠨᠠᠶᠢᠷᠠᠮᠳᠠᠬᠤ ᠰᠣᠯᠤᠩᠭᠤᠰ ᠤᠯᠤᠰ ᠲᠤ ᠵᠤᠷᠴᠢᠬᠤ ᠨᠥᠬᠦᠴᠡᠯ ᠢ ᠬᠦᠡᠭᠭᠡᠪᠴᠢᠯᠡᠬᠦ ᠲᠠᠯ᠎ᠠ ᠪᠠᠷ ᠳᠡᠮᠵᠢᠬᠦ ᠶᠢ ᠬᠦᠰᠡᠪᠡ᠃

 

ᠰᠡᠳᠬᠢᠭᠳᠡᠯ ᠦᠯᠡᠳᠡᠭᠡᠬᠦ