ᠤᠰᠤ ᠳᠠᠬᠢᠨ ᠪᠣᠯᠪᠠᠰᠤᠷᠠᠭᠤᠯᠬᠤ ᠦᠢᠯᠡᠳᠪᠦᠷᠢ ᠶᠢᠨ ᠪᠦᠲᠦᠭᠡᠨ ᠪᠠᠶᠢᠭᠤᠯᠤᠯᠲᠠ ᠡᠬᠢᠯᠡᠯ᠎ᠡ | News.MN

ᠤᠰᠤ ᠳᠠᠬᠢᠨ ᠪᠣᠯᠪᠠᠰᠤᠷᠠᠭᠤᠯᠬᠤ ᠦᠢᠯᠡᠳᠪᠦᠷᠢ ᠶᠢᠨ ᠪᠦᠲᠦᠭᠡᠨ ᠪᠠᠶᠢᠭᠤᠯᠤᠯᠲᠠ ᠡᠬᠢᠯᠡᠯ᠎ᠡ

ᠮᠣᠩᠭᠤᠯ ᠤᠯᠤᠰ ᠤᠨ ᠵᠠᠰᠠᠭ ᠤᠨ ᠭᠠᠵᠠᠷ ᠤᠨ 111  ᠰᠠᠶ᠎ᠠ᠂  ᠠᠮᠧᠷᠢᠺᠠ ᠶᠢᠨ ᠮᠢᠩᠭᠠᠨ ᠤ ᠰᠣᠷᠢᠯᠲᠠ ᠶᠢᠨᠺᠤᠷᠫᠤᠷᠠᠼ ᠤᠨ 350  ᠰᠠᠶ᠎ᠠ ᠳ᠋ᠣᠯᠯᠠᠷ ᠤᠨ ᠰᠠᠩᠬᠦᠦᠵᠢᠯᠲᠡ  ᠪᠦᠬᠦᠢ ᠻᠣᠮᠫᠠᠻᠲ ᠭᠡᠷ᠎ᠡ ᠶᠢᠨ ᠬᠦᠷᠢᠶᠡᠨ ᠳᠤ ᠤᠰᠤ ᠳᠠᠬᠢᠨ ᠪᠣᠯᠪᠠᠰᠤᠷᠠᠭᠤᠯᠬᠤ ᠦᠢᠯᠡᠳᠪᠦᠷᠢ ᠶᠢᠨ ᠪᠦᠲᠦᠭᠡᠨ ᠪᠠᠶᠢᠭᠤᠯᠤᠯᠲᠠ ᠰᠤᠩᠭᠢᠨᠠᠬᠠᠢᠷᠬᠠᠨ ᠳᠡᠭᠦᠷᠭᠡ ᠳᠤ ᠥᠨᠥᠳᠥᠷ ᠡᠬᠢᠯᠡᠯ᠎ᠡ᠃ ᠭᠡᠷ᠎ᠡ ᠶᠢᠨ ᠳᠠᠭᠠᠤ ᠤᠯᠠᠭᠠᠨᠪᠠᠭᠠᠲᠤᠷ ᠬᠤᠲᠠ ᠳᠤ ᠤᠰᠤ ᠭᠦᠨ ᠴᠡᠪᠡᠷᠰᠢᠭᠦᠯᠬᠦ ᠪᠤᠯᠦᠠ ᠤᠰᠤ ᠳᠠᠬᠢᠨ ᠪᠣᠯᠪᠠᠰᠤᠷᠠᠭᠤᠯᠬᠤ ᠬᠤᠶᠠᠷ ᠦᠢᠯᠡᠳᠪᠦᠷᠢ  ᠪᠠᠷᠢᠨ᠎ᠠ᠃ ᠢᠩᠭᠢᠭᠰᠡᠨ ᠢᠶᠠᠷ ᠬᠤᠲᠠ ᠶᠢᠨ ᠤᠰᠤ ᠬᠠᠩᠭᠠᠮᠵᠢ 80 ᠭᠠᠷᠦᠢ ᠬᠤᠪᠢ ᠪᠠᠷ ᠨᠡᠮᠡᠭᠳᠡᠵᠦ᠂ ᠨᠡᠶᠢᠰᠯᠡᠯ ᠬᠤᠳᠠ ᠪᠠᠷᠠᠭᠤᠨ ᠲᠡᠰᠢ ᠥᠷᠭᠡᠵᠢᠨ ᠲᠡᠯᠡᠬᠦ᠂ ᠡᠨᠡ ᠬᠢᠷᠢ ᠪᠠᠷ ᠡᠳ᠋ ᠤᠨ ᠵᠠᠰᠠᠭ ᠥᠰᠬᠦ ᠲᠠᠭᠠᠲᠠᠢ ᠪᠣᠯᠣᠮᠵᠢ ᠪᠦᠷᠢᠳᠬᠦ ᠶᠤᠮ᠃

ᠮᠣᠩᠭᠤᠯ ᠤᠯᠤᠰ ᠤᠨ ᠶᠡᠷᠦᠩᠬᠡᠶᠢᠯᠡᠭᠴᠢ ᠤᠬᠤᠨ᠎ᠠ ᠶᠢᠨ ᠬᠦᠷᠡᠯᠰᠦ᠋ᠬᠡ ᠶᠣᠰᠣᠯᠠᠯ ᠢ ᠨᠡᠭᠡᠭᠡᠵᠦ ᠬᠡᠯᠡᠭᠰᠡᠨ ᠦᠭᠡᠨ ᠳᠡᠭᠡᠨ᠂ ᠲᠥᠰᠥᠯ ᠤᠨ  ᠰᠠᠩᠬᠦᠦᠵᠢᠯᠲᠡ᠂ ᠪᠠᠷᠢᠯᠭ᠎ᠠ ᠤᠭᠰᠠᠷᠠᠯᠲᠠ ᠵᠡᠷᠭᠡ ᠶᠢ ᠲᠥᠯᠥᠪᠯᠡᠭᠡᠨ ᠤ ᠳᠠᠭᠠᠤ ᠬᠡᠪ ᠤᠨ ᠶᠠᠪᠤᠭᠤᠯᠬᠤ ᠨᠥᠬᠦᠴᠡᠯ ᠢ ᠪᠦᠷᠢᠳᠦᠭᠦᠯᠬᠦ ᠳᠤ ᠲᠥᠷᠦ ᠶᠢᠨ ᠬᠤᠯᠪᠦᠬᠳᠡᠬᠤ ᠪᠠᠶᠢᠭᠤᠯᠤᠯᠭ᠎ᠠ ᠨᠤᠭᠤᠳ᠂ ᠮᠡᠷᠭᠡᠵᠢᠯ ᠤᠨ ᠬᠤᠯᠪᠣᠭᠠᠳ ᠤᠨ ᠢᠳᠡᠪᠬᠢᠲᠡᠢ ᠣᠷᠣᠯᠴᠠᠭ᠎ᠠ ᠴᠢᠬᠤᠯᠠ ᠪᠠᠶᠢᠭ᠎ᠠ ᠶᠢ ᠲᠡᠮᠳᠡᠭᠯᠡᠪᠡ᠃
ᠠᠮᠧᠷᠢᠺᠠ ᠶᠢᠨ ᠨᠢᠭᠡᠳᠦᠭᠰᠡᠨ ᠤᠯᠤᠰ  ᠤᠨ ᠵᠡᠭᠦᠨ ᠠᠽᠢᠶ᠎ᠠ᠂ ᠨᠤᠮᠦᠬᠠᠠ ᠳᠠᠯᠠᠢ ᠶᠢᠨ ᠬᠡᠷᠡᠭ ᠬᠠᠷᠢᠭᠤᠴᠠᠭᠰᠠᠨ ᠲᠤᠰᠠᠯᠠᠬᠤ ᠲᠥᠷᠦ ᠶᠢᠨ ᠨᠡᠷᠢᠠ ᠪᠢᠴᠢᠭ ᠤᠨ ᠳᠠᠷᠤᠭ᠎ᠠ ᠳ᠋ᠠᠨᠢᠶᠡᠯ ᠵ᠊·ᠺᠷᠢᠲ᠋ᠧᠨᠪᠷᠢᠨᠺ᠄ 462 ᠰᠠᠶ᠎ᠠ  ᠳ᠋ᠣᠯᠯᠠᠷ ᠤᠨ ᠬᠠᠮᠲᠤᠷᠠᠭᠰᠠᠨ ᠡᠨᠡ ᠬᠥᠷᠥᠩᠭᠡ ᠣᠷᠤᠭᠤᠯᠤᠯᠲᠠ ᠬᠤᠶᠠᠷ ᠣᠷᠣᠨ ᠤ ᠠᠷᠠᠳ ᠲᠦᠮᠡᠨ ᠤ ᠲᠦᠩᠰᠢᠯᠡᠯ ᠤᠨ ᠪᠡᠯᠭᠡ ᠲᠡᠮᠳᠡᠭ ᠭᠡᠳᠡᠭ ᠢ ᠣᠨᠴᠠᠯᠠᠯ᠎ᠠ᠃

ᠰᠡᠳᠬᠢᠭᠳᠡᠯ ᠦᠯᠡᠳᠡᠭᠡᠬᠦ