ᠮᠣᠩᠭᠤᠯ ᠳᠤ 5 G ᠰᠦᠯᠵᠢᠶ᠎ᠠ ᠨᠡᠪᠲᠡᠷᠡᠯ᠎ᠡ | News.MN

ᠮᠣᠩᠭᠤᠯ ᠳᠤ 5 G ᠰᠦᠯᠵᠢᠶ᠎ᠠ ᠨᠡᠪᠲᠡᠷᠡᠯ᠎ᠡ

ᠮᠣᠩᠭᠤᠯ ᠳᠤ ᠠᠩᠬ᠎ᠠ ᠤᠳᠠᠭ᠎ᠠ 5 G ᠰᠦᠯᠵᠢᠶ᠎ᠡ ᠶᠢ ᠨᠡᠪᠲᠡᠷᠡᠭᠦᠯᠵᠦ ᠪᠤᠢ ᠪᠠᠨ ᠶᠦᠨᠢᠲ᠋ᠧᠯ ᠻᠣᠮᠫᠠᠨᠢ ᠵᠠᠷᠯᠠᠯ᠎ᠠ᠃ ᠲᠡᠳᠡᠨ ᠦ ᠮᠡᠳᠡᠭᠡᠯᠡᠵᠦ ᠪᠤᠢ ᠪᠠᠷ ᠣᠳᠤ ᠪᠠᠷ ᠵᠥᠪᠬᠡᠨ ᠰᠦᠬᠡᠪᠠᠭᠠᠲᠤᠷ ᠤᠨ ᠲᠠᠯᠠᠪᠠᠢ ᠳᠤ ᠠᠰᠢᠭᠯᠠᠵᠤ ᠪᠣᠯᠬᠤ ᠪᠠᠷ ᠪᠠᠶᠢᠭ᠎ᠠ ᠠᠵᠠᠢ᠃ ᠢᠩᠭᠢᠬᠦ ᠳᠤ ᠪᠠᠨ 5 G ᠰᠦᠯᠵᠢᠶ᠎ᠡ ᠶᠢ ᠠᠰᠢᠭᠯᠠᠬᠤ ᠵᠥᠪᠰᠢᠶᠡᠷᠡᠯ ᠢ Apple᠂ Samsung ᠭᠡᠰᠡᠨ ᠲᠣᠮᠤᠬᠠᠨ ᠭᠠᠷ ᠤᠲᠠᠰᠤ ᠦᠢᠯᠡᠳᠪᠦᠷᠢᠯᠡᠭᠴᠢ ᠺᠣᠮᠫᠠᠨᠢ ᠨᠤᠭᠤᠳ ᠠᠴᠠ ᠵᠥᠪᠰᠢᠶᠡᠷᠡᠯ ᠠᠪᠴᠤ ᠪᠠᠶᠢᠵᠤ ᠡᠷᠭᠡ ᠨᠡᠭᠡᠭᠡᠭᠳᠡᠳᠡᠭ ᠪᠠᠶᠢᠨ᠎ᠡ᠃
ᠣᠳᠤ ᠪᠠᠷ ᠵᠥᠪᠬᠡᠨ Huawei P 40᠂ P 40 pro᠂ P 40 ᠤᠲᠠᠰᠤ ᠨᠤᠭᠤᠳ ᠲᠤ ᠵᠥᠪᠰᠢᠶᠡᠷᠡᠯ ᠣᠯᠭᠤᠭᠳᠠᠭᠰᠠᠨ ᠪᠠᠶᠢᠭ᠎ᠠ ᠪᠣᠯ ᠪᠤᠰᠤᠳ ᠤᠲᠠᠰᠤ ᠨᠤᠭᠤᠳ ᠳᠡᠭᠡᠷ᠎ᠡ ᠠᠰᠢᠭᠯᠠᠬᠤ ᠵᠥᠪᠰᠢᠶᠡᠷᠡᠯ ᠢ ᠠᠪᠬᠤ ᠪᠠᠷ ᠠᠵᠢᠯᠯᠠᠵᠤ ᠪᠠᠶᠢᠨ᠎ᠡ᠃ ᠲᠡᠶᠢᠮᠦ ᠠᠴᠠ iPhone᠂ Samsung ᠤᠲᠠᠰᠤ ᠬᠡᠷᠡᠭᠯᠡᠭᠴᠢᠳ ᠣᠳᠣᠬᠠᠨ ᠳᠤ ᠪᠠᠨ ᠠᠰᠢᠭᠯᠠᠬᠤ ᠪᠣᠯᠤᠮᠵᠢ ᠦᠭᠡᠶ᠃

ᠰᠡᠳᠬᠢᠭᠳᠡᠯ ᠦᠯᠡᠳᠡᠭᠡᠬᠦ