ᠲᠦᠷᠦᠭ ᠤᠨ ᠳᠤᠷᠠᠰᠬᠠᠯ ᠤᠨ ᠰᠢᠨ᠎ᠡ ᠤᠯᠳᠠᠪᠤᠷᠢ ᠢᠯᠡᠷᠡᠭᠦᠯᠵᠡᠢ | News.MN

ᠲᠦᠷᠦᠭ ᠤᠨ ᠳᠤᠷᠠᠰᠬᠠᠯ ᠤᠨ ᠰᠢᠨ᠎ᠡ ᠤᠯᠳᠠᠪᠤᠷᠢ ᠢᠯᠡᠷᠡᠭᠦᠯᠵᠡᠢ

ᠣᠯᠠᠨ ᠤᠯᠤᠰ ᠤᠨ ᠲᠦᠷᠦᠭ ᠠᠻᠠᠳᠧᠮᠢ᠂ ᠮᠣᠩᠭᠤᠯ ᠤᠯᠤᠰ ᠤᠨ ᠰᠢᠨᠵᠢᠯᠡᠬᠦ ᠤᠬᠠᠭᠠᠨ ᠤ ᠠᠻᠠᠳᠧᠮᠢ ᠡᠷᠲᠡᠨ ᠤ ᠲᠦᠷᠦᠭ ᠤᠨ ᠦᠶ᠎ᠡ ᠳᠤ ᠬᠠᠮᠢᠶᠡᠷᠬᠤ ᠢᠵᠠᠭᠤᠷᠲᠠᠨ ᠤ ᠲᠡᠬᠢᠯᠭ᠎ᠠ ᠶᠢᠨ ᠣᠩᠭᠤᠨ ᠢ ᠠᠷᠤᠬᠠᠩᠭᠠᠢ ᠠᠶᠢᠮᠠᠭ ᠤᠨ ᠬᠠᠰᠢᠶᠠᠲᠤ ᠰᠤᠮᠤ ᠶᠢᠨ ᠨᠤᠮᠤᠭᠤᠨ ᠭᠡᠳᠡᠭ ᠭᠠᠵᠠᠷ ᠠᠴᠠ ᠢᠯᠡᠷᠡᠭᠦᠯᠦᠭᠰᠡᠨ ᠲᠠᠯ᠎ᠠ ᠪᠠᠷ ᠮᠡᠳᠡᠭᠡᠯᠡᠪᠡ᠃
ᠣᠯᠠᠨ ᠤᠯᠤᠰ ᠤᠨ ᠲᠦᠷᠦᠭ ᠠᠺᠠᠳᠧᠮᠢ ᠶᠢᠨ ᠶᠡᠷᠦᠩᠬᠡᠶᠢᠯᠡᠭᠴᠢ ᠳᠠᠷᠬᠠᠨ ᠺᠢᠳᠢᠷᠠᠯᠢ᠄ ᠡᠷᠲᠡᠨ ᠤ ᠲᠦᠷᠦᠭ ᠤᠨ ᠰᠣᠶᠤᠯ ᠤᠨ ᠭᠠᠶᠢᠬᠠᠮᠰᠢᠭᠲᠤ ᠥᠪ ᠪᠣᠯ ᠪᠢᠴᠢᠭᠡᠰᠦᠳᠤ ᠪᠢᠴᠢᠭ ᠳᠤᠷᠠᠰᠬᠠᠯ ᠶᠤᠮ᠃  ᠡᠨᠡ ᠤᠳᠠᠭ᠎ᠠ ᠶᠢᠨ ᠣᠯᠳᠠᠪᠤᠷᠢ ᠨᠢ ᠪᠢᠯᠭᠡ ᠬᠠᠭᠠᠨ ᠤ ᠭᠡᠷᠡᠯᠲᠦ ᠬᠥᠰᠢᠶ᠎ᠡ ᠣᠯᠳᠠᠭᠰᠠᠨ ᠠᠴᠠ ᠬᠤᠶᠢᠰᠢ 100 ᠭᠠᠷᠦᠢ ᠵᠢᠯ ᠤᠨ ᠲᠡᠷᠡᠭᠠᠬᠢ ᠣᠯᠣᠯᠲᠠ᠂ ᠨᠡᠭᠡᠭᠡᠯᠳᠡ ᠪᠣᠯᠵᠤ ᠪᠠᠶᠢᠨ᠎ᠡ᠃
ᠰᠢᠨᠵᠢᠯᠡᠬᠦ ᠤᠬᠠᠭᠠᠨ ᠤ ᠠᠻᠠᠳᠧᠮᠢ  ᠶᠢᠨ ᠠᠷᠬᠧᠣᠯᠣᠭᠢ ᠶᠢᠨ ᠬᠦᠷᠢᠶᠡᠯᠡᠩ ᠤᠨ ᠵᠠᠬᠢᠷᠤᠯ ᠬ᠋᠊ ·ᠷᠧᠭᠵᠢᠨ᠄ ᠣᠯᠠᠨ ᠤᠯᠤᠰ ᠤᠨ ᠲᠦᠷᠦᠭ ᠠᠺᠠᠳᠧᠮᠢ ᠲᠠᠢ 2014 ᠣᠨ ᠠᠴᠠ ᠬᠠᠮᠲᠤ ᠶᠢᠨ ᠠᠵᠢᠯᠯᠠᠭᠠᠨ ᠤ ᠭᠡᠷ᠎ᠡ ᠪᠠᠶᠢᠭᠤᠯᠵᠤ᠂ ᠮᠣᠩᠭᠤᠯ ᠨᠤᠲᠤᠭ ᠲᠤ ᠪᠠᠶᠢᠭ᠎ᠠ ᠡᠷᠲᠡᠨ ᠤ ᠲᠦᠷᠦᠭ ᠤᠨ ᠦᠶ᠎ᠡ ᠶᠢᠨ ᠠᠷᠬᠧᠣᠯᠣᠭᠢ ᠶᠢᠨ ᠳᠤᠷᠠᠰᠬᠠᠯ ᠳᠡᠭᠡᠷ᠎ᠡ ᠬᠠᠮᠲᠤᠷᠠᠭᠰᠠᠨ ᠮᠠᠯᠲᠠᠯᠭ᠎ᠠ᠂ ᠰᠤᠳᠤᠯᠭᠠᠨ ᠤ ᠠᠵᠢᠯ ᠢ ᠬᠢᠵᠦ ᠡᠬᠢᠯᠡᠭᠰᠡᠨ᠃
ᠪᠢᠳᠡ ᠦᠡᠭᠭᠡᠷᠡᠭᠰᠡᠠ ᠬᠤᠭᠤᠴᠠᠭᠠᠨ ᠳᠤ ᠲᠦᠷᠦᠭ᠂ ᠤᠶᠢᠭᠤᠷ ᠤᠨ ᠦᠶ᠎ᠡ ᠶᠢᠨ ᠲᠣᠮᠤᠬᠠᠨ ᠲᠡᠬᠢᠯᠭ᠎ᠠ ᠶᠢᠨ ᠴᠣᠭᠴᠠᠯᠠᠪᠤᠷᠢ ᠳᠦ ᠮᠠᠯᠲᠠᠯᠭ᠎ᠠ᠂ ᠰᠤᠳᠤᠯᠭᠠᠨ ᠤ ᠠᠵᠢᠯ ᠢ ᠠᠮᠵᠢᠯᠲᠠᠲᠠᠶ ᠬᠢᠵᠦ ᠳᠠᠭᠤᠰᠬᠠᠭᠰᠠᠨ᠃ ᠮᠦᠠ ᠠᠷᠤᠬᠠᠩᠭᠠᠢ ᠠᠶᠢᠮᠠᠭ ᠤᠨ ᠬᠠᠰᠢᠶᠠᠲᠤ ᠰᠤᠮᠤ ᠶᠢᠨ ᠨᠤᠲᠤᠭ ᠲᠤ ᠣᠷᠤᠰᠢᠬᠤ ᠨᠤᠮᠤᠭᠤᠨ  ᠴᠣᠭᠴᠠᠯᠠᠪᠤᠷᠢ ᠳᠡᠭᠡᠷ᠎ᠡ 2019 ᠣᠨ ᠠᠴᠠ ᠬᠠᠮᠲᠤᠷᠠᠭᠰᠠᠨ ᠮᠠᠯᠲᠠᠯᠭ᠎ᠠ᠂ ᠰᠤᠳᠤᠯᠭᠠᠨ ᠤ ᠠᠵᠢᠯ ᠬᠢᠭᠰᠡᠨ ᠬᠡᠮᠡᠨ ᠬᠡᠯᠡᠪᠡ᠃
ᠰᠢᠨᠵᠢᠯᠡᠬᠦ ᠤᠬᠠᠭᠠᠨ ᠤ ᠠᠻᠠᠳᠧᠮᠢ  ᠶᠢᠨ ᠠᠷᠬᠧᠣᠯᠣᠭᠢ ᠶᠢᠨ ᠬᠦᠷᠢᠶᠡᠯᠡᠩ ᠤᠨ ᠳᠤᠮᠳᠠᠳᠤ ᠵᠠᠭᠤᠨ ᠤ ᠰᠠᠯᠪᠤᠷᠢ ᠶᠢᠨ ᠡᠷᠬᠢᠯᠡᠭᠴᠢ᠂ ᠳ᠋ᠣᠺᠲ᠋ᠣᠷ ᠠ᠊ ·ᠡᠩᠬᠡᠲᠦ᠋ᠷᠤ᠄ ᠨᠤᠮᠤᠭᠤᠨ ᠭᠡᠳᠡᠭ ᠭᠠᠵᠠᠷ ᠲᠤ ᠡᠷᠲᠡᠨ ᠤ ᠲᠦᠷᠦᠭ ᠤᠨ ᠲᠡᠬᠢᠯᠭ᠎ᠠ ᠶᠢᠨ ᠣᠩᠭᠤᠨ ᠪᠠᠶᠢᠭ᠎ᠠ ᠶᠢ ᠢᠯᠡᠷᠡᠭᠦᠯᠦᠭᠰᠡᠨ᠃ ᠲᠣᠳᠣᠷᠠᠭᠤᠯᠪᠠᠯ᠂ ᠳᠤᠮᠳᠠ ᠪᠠᠨ 80 ᠰᠠᠨᠲ᠋ᠢᠮᠧᠲᠷ ᠤᠨ ᠴᠣᠨᠤᠭ ᠨᠦᠬᠡ ᠲᠠᠢ ᠴᠢᠯᠠᠭᠤ ᠲᠡᠮᠳᠡᠭ ᠪᠠᠶᠢᠭᠰᠠᠨ᠃ ᠡᠨᠡ ᠨᠢ ᠵᠥᠪᠬᠡᠨ ᠬᠠᠭᠠᠳ ᠤᠨ ᠲᠠᠬᠢᠯᠭ᠎ᠠ ᠳᠤ ᠪᠠᠶᠢᠳᠠᠭ ᠲᠡᠮᠳᠡᠭ᠃
︽ᠨᠤᠮᠤᠭᠤᠨ – 2 ︾ᠳᠤᠷᠠᠰᠬᠠᠯ ᠳᠤ ᠨᠡᠶᠢᠲᠡ 48 ᠣᠷᠴᠢᠮ ᠴᠢᠯᠠᠭᠤ ᠢᠯᠡ ᠦᠵᠡᠭᠳᠡᠵᠦ ᠪᠠᠶᠢᠭᠰᠠᠨ᠃ ᠡᠭᠦᠨ ᠤ ᠲᠡᠭᠡᠳᠦ ᠲᠠᠯ᠎ᠠ ᠳᠤ ᠶᠠᠩᠬᠢᠷ ᠲᠠᠮᠠᠭ᠎ᠠ ᠲᠠᠢ ᠬᠡᠳᠦ ᠬᠡᠳᠦᠨ ᠴᠢᠯᠠᠭᠤ ᠢᠯᠡᠷᠡᠭᠰᠡᠨ᠃ ᠮᠦᠠ ᠮᠠᠯᠲᠠᠭ᠎ᠠ ᠶᠢᠨ ᠶᠠᠪᠤᠴᠠ ᠳᠤ ᠲᠡᠬᠢᠯᠭ᠎ᠠ ᠶᠢᠨ ᠣᠩᠭᠤᠨ ᠤ ᠤᠷᠲᠤ ᠲᠠᠯ᠎ᠠ ᠠᠴᠠ ᠮᠡᠯᠡᠭᠡᠢ ᠴᠢᠯᠠᠭᠤ ᠣᠯᠳᠠᠭᠰᠠᠨ᠃ ᠡᠨᠡ ᠴᠢᠯᠠᠭᠤ ᠨᠢ ᠲᠦᠷᠦᠭ ᠤᠨ ᠳᠤᠮᠳᠠᠳᠤ ᠵᠠᠭᠤᠨ ᠤ ᠦᠶ᠎ᠡ ᠶᠢᠨ ᠤᠯᠠᠮᠵᠢᠯᠠᠯ ᠢᠶᠠᠷ ᠬᠠᠭᠠᠨ ᠤ ᠠᠯᠳᠡᠷ ᠰᠤᠤ ᠶᠢ ᠮᠠᠭᠲᠠᠵᠤ᠂ ᠭᠠᠪᠢᠶ᠎ᠠ ᠶᠢ ᠨᠢ ᠪᠢᠴᠢᠭᠰᠡᠨ ᠪᠠᠶᠢᠳᠠᠭ ᠬᠡᠮᠡᠨ ᠲᠠᠨᠢᠯᠴᠠᠭᠤᠯᠪᠠ᠃

ᠰᠡᠳᠬᠢᠭᠳᠡᠯ ᠦᠯᠡᠳᠡᠭᠡᠬᠦ