ᠮᠣᠩᠭᠣᠯ ᠤᠨ ᠳᠠᠯᠪᠠᠭ᠎ᠠ ᠲᠠᠢ ᠬᠥᠯᠭᠡ ᠣᠩᠭᠤᠴᠠ ᠪᠠᠷ ᠲᠡᠭᠡᠭᠡᠪᠤᠷᠢ ᠬᠢᠨ᠎ᠡ | News.MN

ᠮᠣᠩᠭᠣᠯ ᠤᠨ ᠳᠠᠯᠪᠠᠭ᠎ᠠ ᠲᠠᠢ ᠬᠥᠯᠭᠡ ᠣᠩᠭᠤᠴᠠ ᠪᠠᠷ ᠲᠡᠭᠡᠭᠡᠪᠤᠷᠢ ᠬᠢᠨ᠎ᠡ

ᠲᠡᠦᠬᠡ ᠰᠡᠬᠦᠪᠡᠯ᠂1830  ‍ᠭᠠᠳ ᠣᠨ ᠳᠤ ᠬᠠᠭᠠᠨᠲᠤ ᠤᠷᠦᠰ ᠤᠯᠤᠰ ᠮᠣᠩᠭᠤᠯ ᠤᠯᠤᠰ ᠲᠠᠢ ᠬᠢᠬᠦ ᠬᠤᠳᠠᠯᠳᠤᠭ᠎ᠠ ᠪᠠᠨ ᠥᠷᠭᠡᠵᠢᠭᠦᠯᠬᠦ᠂ ᠲᠡᠮᠦᠷ ᠵᠠᠮ ᠤᠨ ᠲᠡᠭᠡᠭᠡᠪᠦᠷᠢ ᠡᠬᠢᠯᠡᠭᠦᠯᠬᠦ ᠲᠠᠯ᠎ᠠ ᠪᠠᠷ ᠶᠠᠷᠢᠵᠤ ᠪᠠᠶᠢᠭᠰᠠᠨ ᠶᠤᠮ᠃ ᠡᠭᠦᠨ ᠤ ᠦᠷᠭᠦᠯᠵᠢᠯᠡᠯ ᠪᠣᠯᠵᠤ ᠬᠤᠶᠠᠷ ᠣᠷᠣᠨ ᠤ ᠬᠤᠭᠤᠷᠦᠡᠳᠦ ᠤᠰᠤᠨ ᠵᠠᠮ ᠤᠨ ᠲᠡᠭᠡᠭᠡᠪᠦᠷᠢ 1910 ᠣᠨ ᠳᠤ ᠡᠬᠢᠯᠡᠵᠡᠢ᠃
ᠬᠥᠪᠰᠥᠬᠦᠯ ᠨᠠᠭᠤᠷ ᠲᠤ ᠤᠰᠤᠨ ᠤᠡᠭᠭᠤᠴᠠ ᠠᠶᠠᠯᠠᠵᠤ ᠡᠬᠢᠯᠡᠭᠰᠡᠨ ᠤ 112᠂ ᠮᠣᠩᠭᠤᠯ ᠳᠤ ᠤᠰᠤᠨ ᠵᠠᠮ ᠤᠨ ᠲᠡᠭᠡᠭᠡᠪᠦᠷᠢ ᠶᠢᠨ ᠰᠠᠯᠪᠤᠷᠢ ᠡᠭᠦᠰᠴᠦ ᠬᠥᠭᠵᠢᠭᠰᠡᠨ ᠤ ᠲᠡᠦᠬᠡᠲᠦ 70 ᠵᠢᠯ ᠤᠨ ᠣᠢ ᠶᠢ ᠪᠢᠮᠪᠠ ᠭᠠᠷᠠᠭ ᠲᠤ ᠲᠡᠮᠳᠡᠭᠯᠡᠨ ᠥᠩᠭᠡᠷᠡᠭᠦᠯᠪᠡ᠃ ᠡᠨᠡ ᠦᠶ᠎ᠡ ᠪᠠᠷ ᠵᠡᠮ ᠲᠡᠭᠡᠭᠡᠪᠦᠷᠢ ᠶᠢᠨ ᠬᠥᠭᠵᠢᠯ ᠤᠨ ᠰᠠᠶᠢᠳ ᠯ᠊ ·ᠬᠠᠯᠲᠠᠷ᠄ 1952 ᠣᠨ ᠳᠤ  ᠵᠦᠪᠯᠡᠯᠳᠦ ᠬᠤᠯᠪᠤᠭᠠᠲᠤ ᠤᠯᠤᠰ  ᠤᠨ ᠰᠢᠢᠳᠪᠦᠷᠢ ᠪᠠᠷ ᠬᠠᠩᠬ᠎ᠠ  ᠬᠠᠳᠬᠠᠯ ᠤᠨ ᠴᠢᠭᠯᠡᠯ ᠳᠤ ᠲᠡᠭᠡᠭᠡᠪᠦᠷᠢ ᠬᠢᠳᠡᠭ ᠪᠠᠶᠢᠭᠰᠠᠨ ᠤᠰᠤᠨ ᠣᠩᠭᠤᠴᠠ ᠨᠤᠭᠤᠳ᠂ ᠲᠡᠳᠡᠭᠡᠷ ᠤᠨ ᠴᠢᠷᠭᠡᠦᠯ ᠤᠳ᠂ ᠤᠰᠤᠨ ᠵᠣᠭᠰᠤᠭᠠᠯ᠂ ᠠᠴᠢᠬᠤ ᠪᠠᠭᠤᠯᠭᠠᠬᠤ ᠭᠡᠷᠡᠭᠰᠡᠯ ᠵᠡᠷᠭᠡ ᠶᠢ ᠮᠠᠨ ᠤ ᠲᠠᠯ᠎ᠠ ᠳᠤ ᠬᠦᠯᠢᠶᠡᠯᠭᠡᠨ ᠥᠭᠭᠦᠭᠰᠡᠨ ᠪᠠᠶᠢᠨ᠎ᠡ᠃ ᠡᠭᠦᠨ ᠠᠴᠠ ᠬᠤᠶᠢᠰᠢ ᠮᠣᠩᠭᠤᠯᠴᠤᠳ ᠤᠰᠤᠨ ᠵᠠᠮ ᠤᠨ ᠵᠠᠬᠢᠷᠭ᠎ᠠ ᠪᠠᠨ ᠪᠠᠶᠢᠭᠤᠯᠤᠨ᠂  ᠲᠡᠭᠡᠭᠡᠪᠤᠷᠢ ᠪᠠᠨ ᠥᠪᠡᠷᠰᠡᠳ ᠢᠶᠠᠨ ᠲᠥᠯᠥᠪᠯᠡᠨ ᠶᠠᠪᠤᠭᠤᠯᠵᠠᠢ᠃
ᠬᠥᠪᠰᠥᠬᠦᠯ ᠠᠶᠢᠮᠠᠭ ᠢ ᠠᠶᠠᠯᠠᠯ ᠵᠢᠭᠤᠯᠴᠢᠯᠠᠯ ᠤᠨ ᠪᠦᠰᠡ ᠪᠣᠯᠭᠠᠨ ᠬᠥᠭᠵᠢᠭᠦᠯᠦᠨ᠎ᠡ᠃ ᠡᠭᠦᠨ ᠳᠤ ᠤᠰᠤᠨ ᠵᠠᠮ ᠤᠨ ᠲᠡᠭᠡᠭᠡᠪᠦᠷᠢ᠂ ᠲᠡᠷᠡ ᠳᠤᠮᠳᠠ ᠪᠠᠨ ᠵᠣᠷᠴᠢᠭᠴᠢ ᠲᠡᠭᠡᠭᠡᠪᠦᠷᠢ ᠴᠢᠬᠤᠯᠠ᠃ ᠴᠢᠨᠠᠭᠰᠢ ᠳᠤ ᠪᠠᠨ ᠮᠣᠩᠭᠣᠯ ᠤᠨ ᠡᠺᠰᠫᠣᠷᠲ ᠤᠨ ᠠᠴᠢᠶ᠎ᠠ ᠶᠢ ᠥᠪᠡᠷ ᠤᠨ ᠣᠷᠤᠨ ᠤ ᠳᠠᠯᠪᠠᠭ᠎ᠠ ᠲᠠᠢ ᠬᠥᠯᠭᠡ ᠣᠩᠭᠤᠴᠠ ᠪᠠᠷ ᠲᠡᠭᠡᠭᠡᠪᠦᠷᠢᠯᠡᠬᠦ ᠨᠢ ᠪᠢᠳᠡᠨ ᠤ ᠮᠥᠷᠦᠭᠡᠳᠦᠯ᠃ ᠬᠠᠩᠬ᠎ᠠ ᠶᠢ ᠣᠯᠠᠨ ᠤᠯᠤᠰ ᠤᠨ ᠪᠣᠭᠤᠮᠲᠠ ᠪᠣᠯᠭᠠᠬᠤ ᠪᠣᠯᠤᠯᠴᠠᠭ᠎ᠠ ᠲᠠᠢ ᠭᠡᠪᠡ᠃

ᠰᠡᠳᠬᠢᠭᠳᠡᠯ ᠦᠯᠡᠳᠡᠭᠡᠬᠦ