ᠮ᠊ ∙ᠬᠠᠶᠠᠱᠢ ᠲᠡᠷᠢᠭᠦᠲᠡᠢ ᠲᠥᠯᠥᠭᠡᠯᠡᠭᠴᠢᠳ ᠢ ᠬᠦᠯᠢᠶᠡᠨ ᠠᠪᠴᠤ ᠠᠭᠤᠯᠵᠠᠯ᠎ᠠ | News.MN

ᠮ᠊ ∙ᠬᠠᠶᠠᠱᠢ ᠲᠡᠷᠢᠭᠦᠲᠡᠢ ᠲᠥᠯᠥᠭᠡᠯᠡᠭᠴᠢᠳ ᠢ ᠬᠦᠯᠢᠶᠡᠨ ᠠᠪᠴᠤ ᠠᠭᠤᠯᠵᠠᠯ᠎ᠠ

ᠮᠣᠩᠭᠤᠯ ᠤᠯᠤᠰ ᠤᠨ ᠶᠡᠭᠡ ᠬᠤᠷᠠᠯ ᠤᠨ ᠳᠠᠷᠤᠭ᠎ᠠ ᠬ᠋᠊ · ᠽᠠᠨᠳᠠᠨᠰᠢᠲᠠᠷ᠎ᠠ 08 ᠰᠠᠷ᠎ᠠ ᠶᠢᠨ 22 ᠳᠤ ᠶᠠᠫᠤᠨ ᠤᠯᠤᠰ ᠤᠨ ᠫᠠᠷᠯᠠᠮᠧᠨ᠋ᠲ ᠤᠨ ᠲᠥᠯᠥᠭᠡᠯᠡᠭᠴᠢᠳ ᠤᠨ ᠲᠠᠩᠬᠢᠮ ᠤᠨ ᠭᠡᠰᠢᠭᠦᠨ᠂ ᠲᠤᠰ ᠲᠠᠩᠬᠢᠮ ᠤᠨ ᠶᠠᠫᠤᠨ ᠮᠣᠩᠭᠣᠯ ᠤᠨ ᠨᠠᠶᠢᠷᠠᠮᠳᠠᠯ ᠤᠨ ᠪᠦᠯᠦᠭ ᠤᠨ ᠳᠠᠷᠤᠭ᠎ᠠ ᠮ᠊ ∙  ᠬᠠᠶᠠᠱᠢ ᠲᠡᠷᠢᠭᠦᠲᠡᠢ ᠲᠥᠯᠥᠭᠡᠯᠡᠭᠴᠢᠳ ᠢ ᠬᠦᠯᠢᠶᠡᠨ ᠠᠪᠴᠤ ᠠᠭᠤᠯᠵᠠᠯ᠎ᠠ᠃ ᠲᠡᠷᠡ ᠶᠠᠫᠤᠨ ᠤᠯᠤᠰ ᠤᠨ ᠫᠠᠷᠯᠠᠮᠧᠨ᠋ᠲ ᠤᠨ ᠲᠥᠯᠥᠭᠡᠯᠡᠭᠴᠢᠳ ᠤᠨ ᠲᠠᠩᠬᠢᠮ ᠤᠨ ᠭᠡᠰᠢᠭᠦᠳ ᠢ ᠮᠣᠩᠭᠤᠯ ᠤᠯᠤᠰ ᠲᠤ ᠲᠠᠪᠠᠲᠠᠢ ᠵᠤᠴᠢᠯᠡᠬᠤ ᠶᠢ ᠬᠦᠰᠡᠭᠡᠳ᠂ ᠬᠤᠶᠠᠷ ᠤᠯᠤᠰ ᠤᠨ ᠬᠤᠭᠤᠷᠦᠡᠳᠦ ᠳ᠋ᠢᠫᠯᠤᠮᠠᠲ ᠬᠠᠷᠢᠯᠴᠠᠭ᠎ᠠ ᠲᠣᠭᠲᠠᠭᠠᠭᠰᠠᠨ ᠤ 50 ᠵᠢᠯ ᠤᠨ ᠣᠶ ᠲᠣᠬᠢᠶᠠᠵᠤ ᠪᠠᠶᠢᠭ᠎ᠠ ᠲᠠᠢ ᠬᠤᠯᠪᠤᠭᠳᠠᠭᠤᠯᠤᠨ ᠬᠦᠨᠳᠦᠲᠦ ᠵᠣᠴᠢᠳ ᠲᠤ ᠪᠠᠶᠠᠷ ᠤᠨ ᠮᠡᠨᠳᠦ  ᠳᠡᠪᠰᠢᠭᠦᠯᠵᠦ᠂ ᠬᠠᠶᠠᠱᠢ ᠮᠤᠲ᠋ᠤᠤ᠋ ᠮᠣᠩᠭᠤᠯ ᠤᠯᠤᠰ ᠤᠨ︽ᠬᠦᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠣᠳᠣᠨ︾ ᠢᠶᠠᠷ ᠱᠠᠩᠨᠠᠭᠳᠠᠭᠰᠠᠨ ᠳᠤ ᠬᠠᠯᠠᠭᠤᠨ ᠪᠡᠶᠡᠷ ᠬᠦᠷᠭᠡᠪᠡ᠃
ᠲᠡᠷᠡ ᠪᠠᠷ᠂ ᠶᠠᠫᠤᠨ ᠤᠯᠤᠰ ᠤᠨ ᠶᠡᠷᠦᠩᠬᠡᠶ ᠰᠠᠶᠢᠳ  ᠠᠭᠰᠠᠨ  ᠠᠪᠧ ᠰᠢᠨᠽᠤ᠋ ᠬᠠᠷᠠᠮᠰᠠᠯᠲᠠᠢ ᠪᠠᠷ ᠲᠠᠭᠠᠯᠠᠯ ᠲᠡᠭᠦᠰᠦᠭᠰᠡᠨ ᠳᠤ ᠭᠦᠨ ᠡᠮᠭᠡᠨᠢᠯ ᠢᠯᠡᠷᠬᠡᠶᠢᠯᠡᠵᠦ᠂ ᠮᠠᠨ ᠤ ᠤᠯᠤᠰ ᠤᠨ ᠬᠥᠭᠵᠢᠯ ᠳᠤ ᠣᠷᠣᠭᠤᠯᠤᠭᠰᠠᠨ ᠲᠡᠭᠦᠨ ᠦ ᠬᠤᠪᠢ ᠨᠡᠮᠡᠷᠢ᠂ ᠭᠠᠪᠢᠶ᠎ᠠ ᠵᠢᠳᠬᠦᠯ ᠢ ᠮᠣᠩᠭᠤᠯ  ᠤᠯᠤᠰ᠂ ᠮᠣᠩᠭᠣᠯ ᠤᠨ ᠠᠷᠠᠳ ᠲᠦᠮᠡᠨ ᠢᠮᠠᠭᠲᠠ ᠳᠤᠷᠠᠰᠤᠨ ᠰᠡᠨᠡᠬᠤ ᠪᠣᠯᠤᠨ᠎ᠠ᠃ ᠬᠡᠳᠦᠶᠢᠪᠡᠷ ᠮᠠᠨ ᠤ ᠬᠤᠶᠠᠷ ᠤᠯᠤᠰ ᠤᠨ ᠬᠤᠭᠤᠷᠦᠡᠳᠦ ᠳ᠋ᠢᠫᠯᠤᠮᠠᠲ ᠬᠠᠷᠢᠯᠴᠠᠭ᠎ᠠ ᠲᠣᠭᠲᠠᠭᠠᠭᠰᠠᠨ ᠤ ᠲᠡᠦᠬᠡᠲᠦ 50 ᠵᠢᠯ ᠤᠨ ᠣᠶ ᠲᠣᠬᠢᠶᠠᠵᠤ ᠪᠠᠶᠢᠭ᠎ᠠ ᠬᠡᠳᠦᠶ ᠴᠤ 100 ᠵᠢᠯ ᠤᠨ ᠡᠮᠦᠨ᠎ᠡ ᠮᠣᠩᠭᠤᠯ ᠤᠯᠤᠰ ᠶᠠᠫᠤᠨ ᠤᠯᠤᠰ ᠢ ᠮᠠᠨ ᠤ ᠤᠯᠤᠰ ᠤᠨ︽ᠭᠤᠷᠪᠠᠳᠠᠭᠴᠢ ᠬᠦᠷᠰᠢ︾ᠬᠡᠮᠡᠨ ᠦᠵᠡᠵᠦ᠂ ᠬᠠᠷᠢᠯᠴᠠᠭ᠎ᠠ ᠲᠣᠭᠲᠠᠭᠠᠬᠤ ᠶᠢ ᠡᠷᠡᠮᠡᠯᠵᠡᠵᠦ ᠪᠠᠶᠢᠭᠰᠠᠨ  ᠲᠡᠦᠬᠡ ᠲᠠᠢ᠃  ᠬᠤᠶᠠᠷ ᠤᠯᠤᠰ ᠬᠤᠭᠤᠷᠤᠨᠳᠤ ᠶᠢᠨ ᠦᠡᠳᠦᠷ᠂ ᠲᠡᠭᠡᠳᠦ ᠲᠦᠪᠰᠢᠨ ᠤ ᠠᠭᠤᠯᠵᠠᠯᠲᠠ ᠲᠤᠭᠲᠠᠮᠠᠯᠵᠢᠵᠤ᠂ ᠬᠤᠶᠠᠷ ᠤᠯᠤᠰ ᠤᠨ ᠬᠠᠷᠢᠯᠴᠠᠭ᠎ᠠ  ᠪᠦᠬᠦᠢ ᠯᠡ ᠲᠠᠯ᠎ᠠ ᠪᠠᠷ ᠥᠷᠭᠡᠵᠢᠨ ᠬᠥᠭᠵᠢᠵᠦ ᠪᠠᠢᠭ᠎ᠠ ᠳᠤ ᠪᠡᠶᠡᠷ ᠲᠠᠢ ᠪᠠᠶᠢᠨ᠎ᠡ᠃ ᠡᠭᠦᠨ ᠤ ᠨᠢᠭᠡ ᠲᠤᠳᠦ ᠵᠢᠱᠢᠶ᠎ᠡ ᠪᠣᠯ ᠮᠢᠨᠦ ᠪᠡᠶ᠎ᠠ ᠦᠡᠭᠭᠡᠷᠡᠭᠰᠡᠠ ᠵᠢᠯ ᠦᠨ 9 ᠳ᠋ᠦ᠋ᠭᠡᠷ ᠰᠠᠷ᠎ᠠ ᠳᠤ ᠶᠠᠫᠤᠨ ᠤᠯᠤᠰ ᠤᠨ ᠵᠥᠪᠯᠡᠬᠦ ᠨᠤᠭᠦᠳ ᠤᠨ ᠲᠠᠩᠬᠢᠮ ᠤᠨ ᠳᠠᠷᠤᠭ᠎ᠠ ᠠᠰᠠᠨ ᠰᠠᠨᠲ᠋ᠤ᠋ ᠲᠠᠢ ᠠᠭᠤᠯᠵᠠᠵᠤ᠂ ᠬᠤᠶᠠᠷ ᠣᠷᠣᠨ ᠤ ᠫᠠᠷᠯᠠᠮᠧᠨ᠋ᠲ ᠬᠤᠭᠤᠷᠤᠨᠳᠤ ᠶᠢᠨ ᠬᠠᠮᠲᠤ ᠶᠢᠨ ᠠᠵᠢᠯᠯᠠᠭ᠎ᠠ ᠶᠢ ᠪᠠᠬᠢᠵᠢᠭᠦᠯᠬᠦ ᠲᠠᠯ᠎ᠠ ᠪᠠᠷ ᠰᠠᠨᠠᠯ ᠰᠣᠯᠢᠯᠴᠠᠭᠰᠠᠨ ᠶᠠᠪᠤᠳᠠᠯ ᠪᠢᠯᠡ ᠭᠡᠵᠦ ᠬᠡᠯᠡᠪᠡ᠃
ᠮ᠊∙ᠬᠠᠶᠠᠱᠢ ᠤᠯᠤᠰ ᠤᠨ ᠶᠡᠭᠡ ᠬᠤᠷᠠᠯ ᠤᠨ ᠳᠠᠷᠤᠭ᠎ᠠ ᠶᠢ ᠴᠠᠬ ᠵᠠᠪ ᠭᠠᠷᠭᠠᠨ ᠬᠦᠯᠢᠶᠡᠨ ᠠᠪᠴᠤ ᠠᠭᠤᠯᠵᠠᠵᠤ ᠪᠠᠢᠭ᠎ᠠ ᠳᠤ ᠲᠠᠯᠠᠷᠬᠠᠯ ᠢᠯᠡᠷᠬᠡᠶᠢᠯᠡᠭᠡᠳ᠂ ᠶᠠᠫᠤᠨ ᠤᠯᠤᠰ ᠠᠴᠠ ᠫᠠᠷᠯᠠᠮᠧᠨ᠋ᠲ ᠤᠨ ᠶᠢᠰᠦᠨ ᠭᠡᠰᠢᠭᠦᠨ᠂ ᠰᠤᠶᠦᠯ ᠤᠷᠠᠯᠢᠭ᠂ ᠲᠥᠷᠦ ᠬᠤᠪᠢ ᠶᠢᠨ ᠬᠡᠪᠰᠢᠯ ᠤᠨ ᠨᠡᠶᠢᠲᠡ 86 ᠬᠥᠮᠥᠨ  ᠮᠣᠩᠭᠤᠯ ᠤᠯᠤᠰ ᠲᠤ ᠠᠶᠢᠯᠴᠢᠯᠠᠵᠤ ᠪᠠᠶᠢᠨ᠎ᠡ᠃ COVID – 19 ᠴᠠᠷ᠎ᠠ ᠲᠠᠬᠤᠯ ᠨᠠᠮᠵᠢᠭ᠎ᠠ ᠦᠭᠡᠢ ᠡᠨᠡ ᠦᠶ᠎ᠡ ᠳᠤ ᠶᠠᠫᠣᠨ ᠤ ᠲᠥᠯᠥᠭᠡᠯᠡᠭᠴᠢᠳ ᠢ ᠬᠠᠯᠠᠭᠤᠨ ᠳᠣᠲᠣᠨᠣ ᠪᠠᠷ ᠬᠦᠯᠢᠶᠡᠨ ᠠᠪᠴᠤ ᠪᠠᠢᠭ᠎ᠠ ᠳᠤ ᠪᠡᠶᠡᠷ ᠲᠠᠢ ᠪᠠᠶᠢᠨ᠎ᠡ ᠭᠡᠪᠡ᠃

ᠰᠡᠳᠬᠢᠭᠳᠡᠯ ᠦᠯᠡᠳᠡᠭᠡᠬᠦ