ᠴᠢᠩᠭᠢᠰ ᠬᠠᠭᠠᠨ ᠮᠦᠽᠧᠢ ᠶᠢ ᠶᠢᠰᠦᠳᠦᠭᠡᠷ ᠰᠠᠷ᠎ᠠ ᠶᠢᠨ 15  ᠳᠦ ᠨᠡᠭᠡᠭᠡᠨ᠎ᠡ | News.MN

ᠴᠢᠩᠭᠢᠰ ᠬᠠᠭᠠᠨ ᠮᠦᠽᠧᠢ ᠶᠢ ᠶᠢᠰᠦᠳᠦᠭᠡᠷ ᠰᠠᠷ᠎ᠠ ᠶᠢᠨ 15  ᠳᠦ ᠨᠡᠭᠡᠭᠡᠨ᠎ᠡ

ᠴᠢᠩᠭᠢᠰ ᠬᠠᠭᠠᠨ ᠮᠦᠽᠧᠶ ᠪᠠᠶᠢᠭᠤᠯᠬᠤ ᠰᠢᠢᠳᠪᠦᠷᠢ 2019 ᠣᠨ ᠳᠤ ᠭᠠᠷᠴᠤ᠂ ᠳᠠᠷᠠᠭ᠎ᠠ ᠣᠨ ᠳᠤ ᠨᠢ ᠪᠠᠷᠢᠯᠭ᠎ᠠ ᠶᠢᠨ ᠠᠵᠢᠯ ᠡᠬᠢᠯᠡᠵᠦ ᠪᠠᠶᠢᠪᠠ᠃ ᠮᠦᠽᠧᠢ ᠶᠢ ᠡᠨᠡ ᠣᠨ ᠤ ᠶᠢᠰᠦᠳᠦᠭᠡᠷ ᠰᠠᠷ᠎ᠠ ᠶᠢᠨ 15  ᠳᠦ ᠨᠡᠭᠡᠭᠡᠬᠦ ᠪᠠᠷ ᠲᠥᠯᠦᠪᠯᠡᠭᠰᠡᠨ ᠪᠥᠭᠡᠳ ᠳᠢᠭᠯᠡᠯᠲᠡ ᠶᠢᠨ ᠠᠵᠢᠯ 80 ᠭᠠᠷᠦᠢ ᠬᠤᠪᠢ ᠲᠠᠶ ᠦᠷᠭᠦᠯᠵᠢᠯᠡᠵᠦ ᠪᠠᠶᠢᠨ᠎ᠡ᠃ ᠥᠨᠥᠳᠥᠷ ᠰᠣᠶᠤᠯ ᠤᠨ ᠰᠠᠶᠢᠳ ᠴ᠊ · ᠨᠣᠮᠢᠨ ᠪᠤᠯᠦᠠ ᠳᠡᠳ᠋ ᠰᠠᠶᠢᠳ ᠮ᠊ ∙ ᠪᠠᠲᠤᠪᠠᠶᠠᠷ ᠮᠦᠽᠧᠢ ᠶᠢᠨ ᠠᠵᠢᠯ ᠤᠨ ᠶᠠᠪᠤᠴᠠ ᠲᠠᠢ ᠲᠠᠨᠢᠯᠴᠠᠯ᠎ᠠ᠃
ᠦᠵᠡᠮᠦᠷᠢ ᠨᠦᠭᠦᠳ ᠢ ᠪᠠᠶᠢᠷᠢᠯᠠᠭᠤᠯᠬᠤ᠂ ᠳᠢᠭᠯᠡᠬᠦ᠂ ᠭᠡᠷᠡᠯ ᠢᠶᠠᠨ ᠲᠤᠬᠢᠷᠡᠭᠤᠯᠬᠤ᠂ ᠬᠠᠮᠠᠭᠠᠯᠠᠯᠲᠠ ᠶᠢᠨ  ᠰᠢᠯᠢᠨ ᠬᠤᠷᠭᠤ ᠨᠤᠭᠤᠳ ᠢ ᠰᠠᠭᠤᠷᠢᠯᠠᠭᠤᠯᠬᠤ ᠵᠡᠷᠭᠡ ᠠᠵᠢᠯ ᠮᠦᠽᠧᠢ ᠳᠤ ᠢᠳᠡ ᠥᠷᠨᠢᠵᠦ ᠪᠠᠶᠢᠪᠠ᠃ ᠤᠭ ᠮᠦᠽᠧᠶ ᠳᠠᠬᠢ  ᠪᠦᠬᠦᠢ ᠯᠡ ᠵᠦᠶᠯ ᠰᠲ᠋ᠠᠨᠳᠠᠷᠲ ᠢ ᠪᠠᠷᠢᠮᠲᠠᠯᠠᠭᠰᠠᠨ ᠪᠠᠶᠢᠬᠤ ᠪᠠ ᠭᠠᠳᠠᠭᠠᠳᠤ ᠶᠢᠨ ᠮᠡᠷᠭᠡᠵᠢᠯᠲᠡᠳ ᠢᠶᠠᠷ ᠵᠦᠪᠯᠡᠭᠦᠯᠵᠦ ᠪᠠᠶᠢᠭ᠎ᠠ ᠶᠤᠮ᠃
ᠣᠯᠠᠨ ᠤᠯᠤᠰ ᠤᠨ ᠰᠲ᠋ᠠᠨᠳᠠᠷᠲ ᠲᠤ ᠨᠡᠶᠢᠴᠡᠭᠰᠡᠨ᠂ ᠣᠷᠴᠢᠨ ᠦᠶ᠎ᠡ ᠶᠢᠨ ᠰᠢᠨᠡᠯᠢᠭ ᠲᠧᠭᠨᠣᠯᠣᠭᠢ ᠨᠤᠭᠤᠳ ᠢ  ᠰᠢᠩᠭᠡᠭᠡᠭᠰᠡᠨ ᠡᠨᠡ ᠮᠦᠽᠧᠢ  ᠡᠴᠡ ᠮᠣᠩᠭᠣᠯ ᠤᠨ  ᠲᠡᠦᠬᠡ᠂ ᠳᠡᠯᠡᠬᠡᠢ ᠶᠢᠨ ᠲᠡᠦᠬᠡᠨ ᠳᠤ ᠣᠷᠣᠭᠤᠯᠤᠭᠰᠠᠨ ᠮᠣᠩᠭᠤᠯᠴᠤᠳ ᠤᠨ ᠬᠤᠪᠢ ᠨᠡᠮᠡᠷᠢ ᠶᠢᠨ  ᠲᠠᠯ᠎ᠠ ᠪᠠᠷ  ᠪᠦᠬᠦᠢᠯᠡ ᠮᠡᠳᠡᠭᠡᠯᠡᠯ ᠢ ᠠᠪᠬᠤ ᠪᠣᠯᠣᠮᠵᠢᠲᠠᠢ

ᠰᠡᠳᠬᠢᠭᠳᠡᠯ ᠦᠯᠡᠳᠡᠭᠡᠬᠦ