ᠵᠠᠮ ᠤᠨ ᠴᠠᠭᠳᠠᠭ᠎ᠠ ᠶᠢᠨ ᠭᠠᠵᠠᠷ ᠤᠨ ᠣᠶᠢᠷᠠᠯᠴᠠᠭᠠᠬᠢ ᠤᠯᠢᠮᠫᠢᠺ ᠤᠨ ᠭᠦᠦᠷ ᠤᠨ ᠶᠠᠪᠠᠭᠠᠨ ᠬᠥᠮᠥᠨ ᠤ ᠭᠠᠷᠴᠠ ᠪᠡᠷᠢᠬᠤ ᠠᠵᠢᠯ ᠬᠢᠯᠢ ᠭᠠᠶᠢᠯᠢ ᠬᠠᠭᠠᠯᠲᠠ ᠲᠠᠢ ᠶᠢᠨ ᠤᠯᠠᠮ ᠠᠴᠠ ᠬᠤᠢᠰᠢᠯᠠᠭᠳᠠᠭᠠᠳ ᠪᠠᠶᠢᠭᠰᠠᠨ ᠪᠢᠯᠡ᠃ ᠲᠡᠭᠡᠪᠡᠯ ᠰᠠᠶ᠋ᠢᠬᠠᠨ ᠮᠧᠲ᠋ᠠᠯ ᠬᠢᠴᠡ ᠨᠤᠭᠦᠳ ᠢ ᠲᠡᠭᠡᠭᠡᠪᠦᠷᠢᠯᠡᠨ ᠠᠪᠴᠢᠷᠠᠵᠤ᠂ ᠶᠠᠪᠠᠭᠠᠨ ᠬᠥᠮᠥᠨ ᠤ ᠭᠠᠷᠴᠠ ᠶᠢ ᠦᠨᠳᠦᠰᠦᠨ ᠭᠦᠦᠷ ᠲᠠᠢ ᠤᠭᠰᠠᠷᠠᠬᠤ ᠠᠵᠢᠯ ᠡᠬᠢᠯᠡᠵᠡᠢ᠃
ᠣᠳᠣ ᠶᠢᠨ ᠪᠠᠶᠢᠳᠠᠯ ᠢᠶᠠᠷ ᠶᠠᠪᠠᠭᠠᠨ ᠬᠥᠮᠥᠨ ᠤ ᠭᠠᠷᠴᠠ ᠶᠢᠨ ᠤᠭᠰᠠᠷᠠᠯᠲᠠ ᠠᠴᠠ ᠭᠠᠳᠡᠨ᠎ᠡ ᠦᠨᠳᠦᠰᠦᠨ ᠭᠦᠦᠷ ᠤᠨ ᠤᠷᠲᠤ ᠲᠠᠯ᠎ᠠ ᠶᠢᠨ U ᠬᠡᠯᠪᠡᠷᠢ ᠶᠢᠨ ᠪᠤᠴᠠᠵᠤ ᠡᠷᠬᠢᠬᠦ ᠠᠦ᠋ᠲ᠋ᠣ᠋ ᠵᠠᠮ ᠤᠨ ᠵᠡᠭᠦᠨ ᠲᠠᠯ᠎ᠠ ᠶᠢᠨ 40 ᠮᠧᠲᠷ᠂ ᠪᠠᠷᠠᠭᠤᠨ ᠲᠠᠯ᠎ᠠ ᠶᠢᠨ 60 ᠮᠧᠲᠷ ᠤᠷᠲᠤ ᠲᠤᠯᠴᠠ ᠬᠠᠨ᠎ᠠ ᠪᠤᠯᠦᠠ ᠰᠠᠭᠤᠷᠢ ᠶᠢᠨ ᠬᠤᠶᠠᠷ ᠦᠶ᠎ᠡ ᠪᠧᠲ᠋ᠣᠨ ᠴᠢᠳᠬᠤᠯᠲᠠ ᠬᠢᠵᠦ᠂ ᠠᠦ᠋ᠲ᠋ᠣ᠋ ᠵᠠᠮ ᠳᠤ ᠬᠠᠰᠢᠯᠭ᠎ᠠ ᠰᠠᠭᠤᠷᠢᠯᠠᠭᠤᠯᠵᠤ ᠪᠠᠶᠢᠭ᠎ᠠ ᠶᠤᠮ᠃