ᠮᠣᠩᠭᠣᠯ ᠤᠨ Stalwart Esports ᠪᠠᠭ PMWI  ᠳᠤ ᠭᠤᠷᠪᠠᠳᠤᠭᠠᠷ ᠪᠠᠶᠢᠷᠢ ᠡᠵᠡᠯᠡᠯ᠎ᠡ | News.MN

ᠮᠣᠩᠭᠣᠯ ᠤᠨ Stalwart Esports ᠪᠠᠭ PMWI  ᠳᠤ ᠭᠤᠷᠪᠠᠳᠤᠭᠠᠷ ᠪᠠᠶᠢᠷᠢ ᠡᠵᠡᠯᠡᠯ᠎ᠡ

KRAFTON᠂ Tencent Games ᠺᠣᠮᠫᠠᠨᠢ ᠨᠤᠭᠤᠳ ᠤᠨ ᠦᠡᠭᠭᠡᠷᠡᠭᠰᠡᠠ ᠵᠢᠯ ᠠᠴᠠ ᠵᠣᠬᠢᠶᠠᠵᠤ ᠡᠬᠢᠯᠡᠭᠰᠡᠨ︽PUBG Mobile World Invitational 2022︾ᠲᠡᠮᠡᠴᠡᠭᠡᠨ ᠭᠤᠷᠪᠠᠨ ᠡᠳᠦᠷ ᠦᠷᠭᠦᠯᠵᠢᠯᠡᠵᠦ ᠥᠨᠥᠳᠥᠷ ᠳᠠᠭᠤᠰᠤᠯ᠎ᠠ᠃ 2  ᠰᠠᠶ᠎ᠠ ᠳ᠋ᠣᠯᠯᠠᠷ ᠤᠨ ᠱᠠᠩᠨᠠᠯ ᠲᠠᠢ᠂ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠤ ᠳᠠᠷᠠᠭ᠎ᠠ ᠣᠷᠣᠬᠤᠶᠢᠴᠠ ᠨᠡᠷ᠎ᠡ ᠬᠦᠨᠳᠦᠲᠡᠢ ᠲᠡᠮᠡᠴᠡᠭᠡᠨ ᠳᠤ ᠮᠣᠩᠭᠣᠯ ᠤᠨ Stalwart Esports ᠪᠠᠭ ᠣᠷᠣᠯᠴᠠᠵᠤ ᠭᠤᠷᠪᠠᠳᠤᠭᠠᠷ ᠪᠠᠶᠢᠷᠢ ᠡᠵᠡᠯᠡᠯ᠎ᠡ᠃ ᠲᠡᠳᠡ ᠳᠡᠯᠡᠬᠡᠢ ᠶᠢᠨ ᠰᠢᠯᠢᠳᠡᠭ 18 ᠪᠠᠭ ᠲᠠᠢ ᠥᠷᠢᠰᠦᠯᠳᠦᠭᠰᠡᠨ ᠪᠥᠭᠡᠳ 185 ᠮᠢᠩᠭᠠᠨ ᠳ᠋ᠣᠯᠯᠠᠷ ᠤᠨ︵588  ᠰᠠᠶ᠎ᠠ ᠲᠥᠭᠦᠷᠢᠭ︶ ᠱᠠᠩᠨᠠᠯ ᠢ ᠠᠪᠤᠭᠰᠠᠨ ᠪᠠᠶᠢᠨ᠎ᠡ᠃
ᠲᠡᠮᠡᠴᠡᠭᠡᠨ ᠤ ᠰᠢᠯᠢᠳᠡᠭ ᠲᠣᠭᠯᠠᠭᠴᠢ ᠪᠠᠷ Stalwart Esports ᠪᠠᠭ ᠤᠨ Action ᠪᠤᠶᠤ ᠬ᠋᠊ · ᠰᠦᠬᠡᠪᠠᠲᠤ ᠰᠢᠯᠭᠠᠷᠠᠵᠤ 10 ᠮᠢᠩᠭᠠᠨ ᠳ᠋ᠣᠯᠯᠠᠷ ᠤᠨ ᠱᠠᠩᠨᠠᠯ ᠢ ᠠᠪᠤᠭᠰᠠᠨ ᠪᠠᠶᠢᠨ᠎ᠡ᠃ ᠡᠬᠢᠨ ᠤ ᠲᠠᠪᠤᠨ ᠪᠠᠶᠢᠷᠢ ᠳᠤ ᠰᠢᠯᠭᠠᠷᠠᠭᠰᠠᠨ ᠪᠠᠭ ᠤᠳ ᠮᠠᠷᠭᠠᠰᠢ ᠠᠴᠠ Afterparty Showdown ᠦᠶ᠎ᠡ ᠳᠤ ᠤᠷᠢᠯᠭ᠎ᠠ ᠪᠠᠷ ᠢᠷᠡᠭᠰᠡᠨ ᠳᠣᠯᠤᠭᠠᠨ ᠪᠠᠭ ᠤᠨ ᠬᠠᠮᠲᠤ ᠨᠦᠬᠦᠷᠰᠡᠭ ᠲᠣᠭᠯᠠᠯᠲᠠ ᠬᠢᠨ᠎ᠡ᠃ ᠲᠤᠰ ᠲᠡᠮᠡᠴᠡᠭᠡᠨ ᠨᠢ ᠮᠦᠠ ᠨᠢᠭᠡ  ᠰᠠᠶ᠎ᠠ  ᠳ᠋ᠣᠯᠯᠠᠷ ᠤᠨ ᠱᠠᠩᠨᠠᠯ ᠤᠨ ᠰᠠᠩ ᠲᠠᠢ ᠶᠤᠮ᠃

ᠰᠡᠳᠬᠢᠭᠳᠡᠯ ᠦᠯᠡᠳᠡᠭᠡᠬᠦ