ᠺᠠᠯᠢᠹᠣᠷᠨᠢ ᠮᠤᠵᠢ ᠶᠢᠨ ᠪᠤᠷᠷᠧᠭᠤ᠋ ᠰᠫᠢᠷᠢᠩᠰ ᠬᠤᠲᠠ ᠶᠢᠨ ᠲᠥᠯᠥᠭᠡᠯᠡᠯ ᠬᠤᠪᠳᠤ ᠳᠤ ᠠᠢᠯᠴᠢᠯᠠᠪᠠ | News.MN

ᠺᠠᠯᠢᠹᠣᠷᠨᠢ ᠮᠤᠵᠢ ᠶᠢᠨ ᠪᠤᠷᠷᠧᠭᠤ᠋ ᠰᠫᠢᠷᠢᠩᠰ ᠬᠤᠲᠠ ᠶᠢᠨ ᠲᠥᠯᠥᠭᠡᠯᠡᠯ ᠬᠤᠪᠳᠤ ᠳᠤ ᠠᠢᠯᠴᠢᠯᠠᠪᠠ

ᠠᠮᠧᠷᠢᠺᠠ ᠶᠢᠨ ᠺᠠᠯᠢᠹᠣᠷᠨᠢ ᠮᠤᠵᠢ ᠶᠢᠨ ᠪᠤᠷᠷᠧᠭᠤ᠋ ᠰᠫᠢᠷᠢᠩᠰ ᠬᠤᠲᠠ ᠶᠢᠨ ᠳᠠᠷᠤᠭ᠎ᠠ ᠵᠢᠮ ᠪᠤᠯᠦᠠ ᠠᠨᠨᠠ ᠸᠸᠷᠮᠧᠨᠰ ᠲᠡᠷᠢᠭᠦᠲᠡᠢ ᠲᠥᠯᠦᠭᠡᠯᠡᠯ ᠥᠨᠥᠳᠥᠷ ᠬᠤᠪᠳᠤ ᠠᠶᠢᠮᠠᠭ ᠲᠤ ᠠᠶᠢᠯᠴᠢᠯᠠᠵᠤ᠂ ᠣᠷᠣᠨ ᠨᠤᠲᠤᠭ ᠤᠨ ᠤᠳᠤᠷᠢᠳᠤᠯᠭ᠎ᠠ ᠨᠠᠷ ᠲᠠᠢ  ᠠᠭᠤᠯᠵᠠᠵᠤ᠂ 2019 ᠣᠨ ᠳᠤ ᠬᠤᠪᠳᠤ ᠠᠶᠢᠮᠠᠭ᠂ ᠪᠤᠷᠷᠧᠭᠤ᠋ ᠰᠫᠢᠷᠢᠩᠰ ᠬᠤᠲᠠ ᠶᠢᠨ ᠬᠤᠭᠤᠷᠦᠡᠳᠦ ᠪᠠᠶᠢᠭᠤᠯᠤᠭᠰᠠᠨ ᠨᠠᠶᠢᠷᠠᠮᠳᠠᠯᠳᠦ ᠬᠠᠷᠢᠯᠴᠠᠭᠠᠨ ᠤ ᠰᠠᠨᠠᠮᠵᠢ ᠪᠢᠴᠢᠭ ᠲᠦ ᠲᠤᠰᠬᠠᠭᠰᠠᠨ ᠪᠣᠯᠪᠠᠰᠤᠷᠠᠯ᠂ ᠰᠤᠶᠦᠯ ᠤᠷᠠᠯᠢᠭ᠂ ᠪᠢᠽᠨᠧᠰ ᠬᠤᠳᠠᠯᠳᠤᠭᠠᠨ ᠤ ᠴᠢᠭᠯᠡᠯ ᠳᠤ ᠬᠠᠮᠲᠤ ᠶᠢᠨ ᠠᠵᠢᠯᠯᠠᠭ᠎ᠠ ᠪᠠᠨ ᠪᠠᠬᠢᠵᠢᠭᠦᠯᠬᠦ᠂ ᠴᠢᠨᠠᠭᠰᠢᠳᠠ ᠬᠡᠷᠬᠢᠨ ᠬᠠᠮᠲᠤᠷᠠᠨ ᠠᠵᠢᠯᠯᠠᠬᠤ ᠲᠤᠬᠠᠶ ᠰᠠᠨᠠᠯ ᠰᠣᠯᠢᠯᠴᠠᠭᠰᠠᠨ ᠪᠠᠶᠢᠨ᠎ᠡ᠃
ᠮᠦᠠ ᠠᠮᠧᠷᠢᠺᠠ ᠶᠢᠨ ᠺᠠᠯᠢᠹᠣᠷᠨᠢ ᠮᠤᠵᠢ ᠶᠢᠨ ᠪᠤᠷᠷᠧᠭᠤ᠋ ᠰᠫᠢᠷᠢᠩᠰ ᠬᠤᠲᠠ ᠶᠢᠨ ᠵᠥᠪᠯᠡᠯ ᠠᠴᠠ 2022 ᠣᠨ ᠤ 8 ᠳ᠋ᠤᠭᠠᠷ ᠰᠠᠷ᠎ᠠ ᠶᠢᠨ 12 ᠤ ᠡᠳᠦᠷ ᠢ ᠮᠣᠩᠭᠤᠯ ᠤᠯᠤᠰ ᠤᠨ ᠬᠤᠪᠳᠤ ᠠᠶᠢᠮᠠᠭ᠂  ᠠᠮᠧᠷᠢᠺᠠ ᠶᠢᠨ ᠨᠢᠭᠡᠳᠦᠭᠰᠡᠨ ᠤᠯᠤᠰ  ᠤᠨ ᠪᠤᠷᠷᠧᠭᠤ᠋ ᠰᠫᠢᠷᠢᠩᠰ ᠬᠤᠳᠠ ᠬᠤᠭᠤᠷᠦᠡᠳᠦ ᠨᠠᠶᠢᠷᠠᠮᠳᠠᠯᠳᠦ ᠬᠠᠷᠢᠯᠴᠠᠭ᠎ᠠ ᠲᠣᠭᠲᠠᠭᠠᠭᠰᠠᠨ ᠡᠳᠦᠷ ᠪᠣᠯᠭᠠᠨ ᠲᠤᠩᠬᠠᠭᠯᠠᠭᠰᠠᠨ ᠪᠠ ᠵᠢᠯ ᠪᠦᠷᠢ ᠤᠯᠠᠮᠵᠢᠯᠠᠯ ᠪᠣᠯᠭᠠᠨ ᠲᠡᠮᠳᠡᠭᠯᠡᠬᠦ ᠲᠤᠩᠬᠠᠭ ᠪᠢᠴᠢᠭ ᠢ ᠡᠨᠡ ᠤᠳᠠᠭ᠎ᠠ ᠠᠶᠢᠮᠠᠭ ᠤᠨ ᠵᠠᠰᠠᠭ ᠳᠠᠷᠤᠭ᠎ᠠ ᠪ ∙ᠳᠦᠭᠡᠷᠵᠡᠪ ᠲᠤ ᠭᠠᠷᠳᠠᠭᠤᠯᠤᠨ ᠥᠭᠪᠡ᠃

ᠰᠡᠳᠬᠢᠭᠳᠡᠯ ᠦᠯᠡᠳᠡᠭᠡᠬᠦ