ᠮᠣᠩᠭᠤᠯ ᠣᠷᠣᠨ ᠢᠶᠠᠷ ᠠᠶᠠᠯᠠᠵᠤ ᠪᠤᠶ ᠡᠺᠰᠲᠷᠢᠮ ᠳᠤᠭᠤᠶᠢᠴᠢᠨ ᠤᠯᠠᠭᠠᠨᠪᠠᠭᠠᠲᠤᠷ ᠲᠤ ᠢᠷᠡᠯ᠎ᠡ | News.MN

ᠮᠣᠩᠭᠤᠯ ᠣᠷᠣᠨ ᠢᠶᠠᠷ ᠠᠶᠠᠯᠠᠵᠤ ᠪᠤᠶ ᠡᠺᠰᠲᠷᠢᠮ ᠳᠤᠭᠤᠶᠢᠴᠢᠨ ᠤᠯᠠᠭᠠᠨᠪᠠᠭᠠᠲᠤᠷ ᠲᠤ ᠢᠷᠡᠯ᠎ᠡ

ᠬᠤᠯᠪᠣᠭᠠᠨ ᠤ ᠪᠦᠭᠦᠳᠡ ᠨᠠᠶᠢᠷᠠᠮᠳᠠᠬᠤ ᠭᠧᠷᠮᠠᠨ ᠤᠯᠤᠰ  ᠤᠨ ᠡᠺᠰᠲᠷᠢᠮ ᠰᠫᠣᠷᠲ ᠤᠨ ᠲᠠᠮᠢᠷᠴᠢᠨ  ᠭᠢᠳᠤ᠋ ᠺᠤᠨᠽᠧ  ᠨᠢ ᠭᠢᠨᠢᠰ ᠤᠨ ᠲᠡᠭᠡᠳᠦ ᠠᠮᠵᠢᠯᠲᠠ ᠶᠢ ᠰᠢᠨ᠎ᠡ ᠪᠠᠷ ᠲᠤᠬᠳᠡᠭᠠᠬᠤ ᠵᠣᠷᠢᠯᠭ᠎ᠠ ᠪᠠᠷ ᠮᠣᠩᠭᠤᠯ ᠣᠷᠣᠨ ᠤ ᠪᠠᠷᠠᠭᠤᠨ ᠬᠢᠵᠠᠭᠠᠷ ᠠᠴᠠ ᠵᠡᠭᠦᠨ ᠬᠢᠯᠢ ᠬᠦᠷᠳᠡᠯ᠎ᠠ 2600 ᠺᠢᠯᠣᠮᠧᠲᠷ ᠵᠠᠮ ᠳᠤ ᠳᠤᠭᠤᠢ ᠶᠢᠨ ᠠᠶᠠᠯᠠᠯ ᠬᠢᠵᠦ ᠪᠠᠶᠢᠭ᠎ᠠ ᠪᠢᠯᠡ᠃ ᠲᠡᠷᠡ ᠪᠠᠷ ᠡᠳᠦᠷ ᠲᠤ 350-400 ᠺᠢᠯᠣᠮᠧᠲᠷ ᠵᠠᠮ ᠢ ᠲᠤᠭᠤᠯᠤᠭᠰᠠᠭᠠᠷ ᠥᠨᠥᠳᠥᠷ ᠤᠯᠠᠭᠠᠨᠪᠠᠭᠠᠲᠤᠷ ᠬᠤᠲᠠ ᠳᠤ ᠢᠷᠡᠭᠡᠳ ᠪᠠᠶᠢᠨ᠎ᠡ᠃

ᠭᠢᠳᠤ᠋ ᠺᠤᠨᠽᠧ᠄ ᠲᠣᠮᠤ ᠭᠠᠵᠠᠷ ᠨᠤᠲᠤᠭ ᠲᠠᠢ᠂ ᠴᠦᠭᠡᠠ ᠬᠥᠮᠦᠨ ᠠᠮᠠ ᠲᠠᠢ ᠮᠣᠩᠭᠤᠯ ᠤᠯᠤᠰ ᠲᠤ ᠠᠩᠬ᠎ᠠ ᠤᠳᠠᠭ᠎ᠠ ᠢᠷᠡᠯ᠎ᠡ᠃ ᠮᠣᠩᠭᠤᠯᠴᠤᠳ ᠨᠠᠶᠢᠷᠰᠠᠭ ᠬᠥᠮᠥᠰ ᠪᠠᠶᠢᠨ᠎ᠡ᠃ ᠮᠣᠩᠭᠤᠯ᠂ ᠭᠧᠷᠮᠡᠠ ᠬᠤᠶᠠᠷ ᠤᠯᠤᠰ ᠤᠨ ᠬᠤᠭᠤᠷᠦᠡᠳᠦ ᠣᠯᠠᠨ ᠢᠯᠭᠠᠭ᠎ᠠ ᠪᠤᠢ ᠴᠤ  ᠠᠶᠠᠯᠠᠵᠤ ᠶᠠᠪᠤᠬᠤ ᠵᠠᠭᠤᠷ᠎ᠠ ᠪᠠᠨ ᠬᠤᠶᠠᠷ ᠤᠯᠤᠰ ᠶᠠᠭᠤᠨ ᠳᠡᠭᠡᠷ᠎ᠡ ᠬᠠᠮᠲᠤᠷᠠᠵᠤ ᠠᠵᠢᠯᠯᠠᠵᠤ ᠪᠣᠯᠬᠤ ᠲᠠᠯ᠎ᠠ ᠪᠠᠷ ᠶᠡᠭᠡ ᠵᠦᠶᠯ ᠪᠤᠳᠤᠯ᠎ᠠ ᠬᠡᠮᠡᠪᠡ᠃ ᠲᠡᠷᠡᠪᠡᠷ︽ᠪᠣᠷᠣᠯᠳᠠᠶ︾ᠰᠲ᠋ᠦ᠋ᠳᠢ ᠲᠠᠢ ᠬᠠᠮᠲᠤᠷᠠᠨ ᠮᠣᠩᠭᠤᠯ ᠣᠷᠣᠨ ᠤ ᠲᠤᠬᠠᠶ ᠪᠠᠷᠢᠮᠲᠠᠲᠤ ᠺᠢᠨᠣ᠋ ᠬᠢᠵᠦ ᠪᠠᠶᠢᠭ᠎ᠠ ᠪᠥᠭᠡᠳ ᠳᠠᠭᠤᠰᠤᠮᠠᠭᠴᠠ ᠨᠢ ᠨᠡᠶᠢᠰᠯᠡᠯ ᠤᠨ ᠤᠳᠤᠷᠢᠳᠤᠯᠭ᠎ᠠ  ᠪᠤᠯᠦᠠ ᠪᠠᠶᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠶᠠᠮᠤᠨ ᠳᠤ ᠬᠦᠯᠢᠶᠡᠯᠭᠡᠵᠦ  ᠦᠭᠬᠦ ᠶᠤᠮ ᠪᠠᠢᠨ᠎ᠠ᠃
ᠭᠢᠳᠤ᠋ ᠺᠤᠨᠽᠧ ᠪᠤᠷᠱᠤᠤ ᠬᠢᠯᠢ ᠶᠢᠨ ᠪᠣᠭᠤᠮᠲᠠ ᠠᠴᠠ ᠭᠠᠷᠴᠤ᠂ ᠤᠪᠰᠤ ᠠᠶᠢᠮᠠᠭ ᠤᠨ ᠤᠯᠠᠭᠠᠨ ᠭᠤᠮ ᠰᠤᠮᠤ᠂ ᠠᠷᠤᠬᠠᠩᠭᠠᠢ ᠠᠶᠢᠮᠠᠭ ᠤᠨ ᠴᠡᠴᠡᠷᠯᠢᠭ ᠬᠤᠳᠠ᠂ ᠤᠯᠠᠭᠠᠨᠪᠠᠭᠠᠲᠤᠷ ᠬᠤᠳᠠ᠂  ᠪᠠᠭᠠᠨᠠᠭᠤᠷ ᠳᠡᠭᠦᠷᠭᠡ᠂ ᠰᠦᠬᠡᠪᠠᠭᠠᠲᠤᠷ ᠠᠶᠢᠮᠠᠭ ᠤᠨ ᠪᠠᠷᠠᠭᠤᠨ ᠤᠷᠲᠤ ᠬᠤᠳᠠ ᠵᠡᠷᠭᠡ ᠭᠠᠵᠠᠷ ᠢᠶᠠᠷ ᠳᠠᠭᠠᠷᠢᠵᠤ ᠪᠢᠴᠢᠭᠲᠦ ᠶᠢᠨ ᠪᠣᠭᠤᠮᠲᠠ ᠬᠦᠷᠬᠦ ᠶᠤᠮ᠃

ᠰᠡᠳᠬᠢᠭᠳᠡᠯ ᠦᠯᠡᠳᠡᠭᠡᠬᠦ