ᠲ᠊ · ᠮᠥᠩᠬᠡᠵᠤᠯᠠ ᠰᠢᠲᠠᠷ᠎ᠠ ᠶᠢᠨ ᠡᠮᠡᠭᠳᠡᠢ ᠶᠡᠭᠡ ᠮᠠᠰᠲ᠋ᠧᠷ ᠪᠤᠯᠤᠯ᠎ᠠ | News.MN

  ᠲ᠊ · ᠮᠥᠩᠬᠡᠵᠤᠯᠠ ᠰᠢᠲᠠᠷ᠎ᠠ ᠶᠢᠨ ᠡᠮᠡᠭᠳᠡᠢ ᠶᠡᠭᠡ ᠮᠠᠰᠲ᠋ᠧᠷ ᠪᠤᠯᠤᠯ᠎ᠠ

ᠰᠢᠲᠠᠷᠠᠴᠢᠨ ᠲᠦᠷᠦᠮᠦ᠋ᠩᠬᠡ ᠶᠢᠨ ᠮᠥᠩᠬᠡᠵᠤᠯᠠ ᠡᠮᠡᠭᠳᠡᠢ ᠶᠢᠨ ᠶᠡᠭᠡ ᠮᠠᠰᠲ᠋ᠧᠷ ᠴᠣᠯᠠᠨ ᠤ ᠭᠤᠷᠪᠠᠳᠠᠬᠢ ᠨᠣᠷᠮ᠎ᠠ ᠪᠠᠨ ᠳᠡᠯᠡᠬᠡᠢ ᠶᠢᠨ ᠰᠢᠲᠠᠷ᠎ᠠ ᠶᠢᠨ 44 ᠳ᠋ᠦ᠋ᠭᠡᠷ ᠤᠯᠢᠮᠫᠢᠶᠡᠳ᠋  ᠲᠤ ᠪᠡᠶᠡᠯᠡᠭᠦᠯᠵᠦ᠂ 20 ᠨᠠᠰᠤᠨ ᠳᠤ ᠪᠠᠨ ᠶᠡᠭᠡ ᠮᠠᠰᠲ᠋ᠧᠷ ᠴᠣᠯᠠᠲᠤ ᠶᠢᠨ ᠡᠩᠨᠡᠭᠡᠨ ᠳᠤ ᠰᠢᠯᠵᠢᠵᠦ᠂ ᠮᠣᠩᠭᠣᠯ ᠤᠨ ᠰᠢᠲᠠᠷ᠎ᠠ ᠶᠢᠨ ᠳᠤᠯᠤᠳᠠᠬᠢ ᠡᠮᠡᠭᠳᠡᠢ ᠶᠡᠭᠡ ᠮᠠᠰᠲ᠋ᠧᠷ ᠪᠣᠯᠣᠯ᠎ᠠ᠃
ᠲᠠᠰᠢᠷᠠᠮ ᠳᠤ ᠳᠤᠭᠤᠯᠭᠠᠬᠤ ᠳᠤ᠂ ᠲ᠊ ·ᠮᠥᠩᠬᠡᠵᠤᠯᠠ ᠶᠢᠨ ᠠᠪᠤ ᠳᠡᠯᠡᠬᠡᠢ ᠶᠢᠨ ᠰᠢᠲᠠᠷ᠎ᠠ ᠶᠢᠨ ᠬᠤᠯᠪᠤᠭᠠᠨ ᠤ ᠳᠠᠰᠬᠠᠯᠵᠢᠭᠤᠯᠤᠭᠴᠢ ᠳ᠋᠊ · ᠲᠦᠷᠦᠮᠦ᠋ᠩᠬᠡ ᠥᠬᠢᠨ ᠢᠶᠠᠨ ᠪᠠᠭ᠎ᠠ ᠠᠴᠠ ᠨᠢ ᠰᠢᠲᠠᠷ᠎ᠠ ᠶᠢᠨ ᠰᠫᠣᠷᠲ ᠤᠷᠤᠭᠤ ᠬᠥᠲᠥᠯᠥᠨ ᠣᠷᠣᠭᠤᠯᠵᠤ ᠡᠳᠦᠢ ᠶᠢ ᠬᠦᠷᠳᠡᠯ᠎ᠠ ᠳᠠᠰᠬᠠᠯᠵᠢᠭᠤᠯᠤᠭᠴᠢ ᠪᠠᠷ ᠨᠢ ᠠᠵᠢᠯᠯᠠᠵᠤ ᠪᠠᠶᠢᠭ᠎ᠠ ᠶᠤᠮ᠃ ᠲ᠊ ·ᠮᠥᠩᠬᠡᠵᠤᠯᠠ 2019 ᠣᠨ ᠳᠤ ᠠᠽᠢᠶ᠎ᠠ ᠲᠢᠪ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠴᠠ ᠬᠦᠷᠡᠯ ᠮᠧᠳᠠᠯ ᠬᠦᠷᠲᠡᠭᠰᠡᠨ ᠨᠢ  ᠮᠣᠩᠭᠣᠯ ᠤᠨ ᠰᠢᠲᠠᠷ᠎ᠠ ᠶᠢᠨ ᠲᠡᠦᠬᠡᠨ ᠳᠠᠬᠢ ᠲᠢᠪ ᠤᠨ ᠲᠡᠮᠡᠴᠡᠭᠡᠨ ᠠᠴᠠ ᠠᠪᠤᠭᠰᠠᠨ ᠴᠣᠷ ᠤᠨ ᠭᠠᠭᠴᠠ ᠮᠧᠳᠠᠯ ᠶᠤᠮ᠃

ᠰᠡᠳᠬᠢᠭᠳᠡᠯ ᠦᠯᠡᠳᠡᠭᠡᠬᠦ