ᠡᠮᠴᠢᠯᠡᠭᠡᠨ ᠤ ᠰᠢᠨ᠎ᠡ ᠠᠷᠭ᠎ᠠ ᠶᠢ ᠨᠤᠲᠤᠭᠰᠢᠭᠤᠯᠬᠤ  ᠳᠤ ᠮᠣᠩᠭᠤᠯ ᠲᠠᠢ ᠬᠠᠮᠲᠤᠷᠠᠨ ᠠᠵᠢᠯᠯᠠᠨ᠎ᠠ | News.MN

 ᠡᠮᠴᠢᠯᠡᠭᠡᠨ ᠤ ᠰᠢᠨ᠎ᠡ ᠠᠷᠭ᠎ᠠ ᠶᠢ ᠨᠤᠲᠤᠭᠰᠢᠭᠤᠯᠬᠤ  ᠳᠤ ᠮᠣᠩᠭᠤᠯ ᠲᠠᠢ ᠬᠠᠮᠲᠤᠷᠠᠨ ᠠᠵᠢᠯᠯᠠᠨ᠎ᠠ

ᠤᠯᠤᠰ ᠤᠨ ᠶᠡᠭᠡ ᠬᠤᠷᠠᠯ  ᠤᠨ ᠳᠠᠷᠤᠭ᠎ᠠ ᠬ᠋᠊ ·ᠽᠠᠨᠳᠠᠨᠰᠢᠲᠠᠷ᠎ᠠ ᠥᠴᠥᠭᠡᠳᠦᠷ︵08.08︶︽ᠠᠨᠠᠭᠠᠬᠤ ᠤᠬᠠᠭᠠᠨ ᠤ ᠪᠣᠯᠪᠠᠰᠤᠷᠠᠯ᠂ ᠰᠢᠨᠵᠢᠯᠡᠬᠦ ᠤᠬᠠᠭᠠᠨ ᠤ ᠬᠥᠭᠵᠢᠯ ᠤᠨ ᠣᠯᠠᠨ ᠤᠯᠤᠰ ᠤᠨ ᠰᠢᠮᠫᠣᠽᠢᠦᠮ – 2022︾ᠠᠷᠭ᠎ᠠ ᠬᠡᠮᠵᠢᠶᠡᠨ ᠳᠤ ᠣᠷᠣᠯᠴᠠᠵᠤ ᠪᠤᠶ ᠶᠠᠫᠤᠨ ᠂ ᠣᠷᠣᠰ  ᠤᠨ ᠡᠮᠴᠢ᠂  ᠮᠡᠷᠭᠡᠵᠢᠯᠲᠡᠳ ᠤᠨ ᠲᠥᠯᠥᠭᠡᠯᠡᠯ ᠢ ᠬᠦᠯᠢᠶᠡᠨ ᠠᠪᠴᠤ ᠠᠭᠤᠯᠵᠠᠪᠠ᠃
ᠡᠨᠡ ᠬᠦ ᠰᠢᠮᠫᠣᠽᠢᠦᠮ ᠢ  ᠤᠯᠤᠰ ᠤᠨ ᠶᠡᠭᠡ ᠬᠤᠷᠠᠯ  ᠤᠨ ᠭᠡᠰᠢᠭᠦᠨ ᠵ᠊ ·ᠴᠢᠩᠪᠦ᠋ᠷᠢᠨ ᠦ ᠰᠠᠨᠠᠭᠠᠴᠢᠯᠠᠭ᠎ᠠ ᠪᠠᠷ ᠬᠠᠪᠤᠳᠠᠷ ᠰᠤᠳᠤᠯᠤᠯ ᠤᠨ ᠦᠨᠳᠦᠰᠦᠨ ᠤ ᠲᠥᠪ ᠪᠤᠯᠦᠠ ᠠᠨᠠᠭᠠᠬᠤ ᠶᠢᠨ ᠰᠢᠨᠵᠢᠯᠡᠬᠦ ᠤᠬᠠᠭᠠᠨ ᠤ ᠦᠨᠳᠦᠰᠦᠨ ᠦ ᠶᠡᠬᠡ ᠰᠤᠷᠭᠠᠭᠤᠯᠢ  ᠶᠢᠨ ᠮᠣᠩᠭᠤᠯ ᠶᠠᠫᠣᠨ ᠤ ᠡᠮᠨᠡᠯᠭᠡ ᠬᠠᠮᠲᠤᠷᠠᠨ ᠡᠨᠡ ᠰᠠᠷ᠎ᠠ ᠶᠢᠨ 05-12  ᠳᠤ ᠵᠣᠬᠢᠶᠠᠨ ᠪᠠᠶᠢᠭᠤᠯᠵᠤ ᠪᠠᠶᠢᠨ᠎ᠡ᠃ ᠠᠭᠤᠯᠵᠠᠯᠲᠠ ᠶᠢᠨ ᠡᠬᠢᠨ ᠳᠤ   ᠬ᠋᠊ ·ᠽᠠᠨᠳᠠᠨᠰᠢᠲᠠᠷ᠎ᠠ ᠬᠤᠤᠷᠲᠤ ᠬᠠᠪᠤᠳᠠᠷ ᠤᠨ ᠮᠡᠰᠡ ᠵᠠᠰᠠᠯ ᠤᠨ ᠣᠷᠴᠢᠨ ᠦᠶ᠎ᠡ ᠶᠢᠨ ᠠᠷᠭ᠎ᠠ ᠲᠧᠭᠨᠣᠯᠣᠭᠢ᠂ ᠳᠦᠷᠰᠦ ᠣᠨᠣᠰᠢᠯᠠᠭᠠᠨ ᠤ ᠰᠢᠨ᠎ᠡ ᠠᠷᠭ᠎ᠠ ᠨᠤᠭᠤᠳ ᠠᠴᠠ ᠰᠤᠷᠤᠯᠴᠠᠬᠤ᠂ ᠲᠤᠷᠰᠢᠯᠭᠠᠵᠢᠬᠤ ᠶᠢᠨ ᠴᠢᠬᠤᠯᠠ ᠶᠢ ᠣᠨᠴᠠᠯᠠᠭᠠᠳ ᠥᠪᠡᠷ ᠤᠨ ᠣᠷᠤᠨ ᠤ ᠰᠠᠶᠢᠨ ᠲᠤᠷᠰᠢᠯᠭ᠎ᠠ ᠠᠴᠠ ᠪᠠᠨ ᠬᠤᠪᠢᠶᠠᠯᠴᠠᠵᠤ ᠮᠠᠨ ᠤ ᠤᠯᠤᠰ ᠤᠨ ᠡᠷᠡᠭᠦᠯ ᠮᠡᠨᠳᠦ ᠶᠢᠨ ᠰᠠᠯᠪᠤᠷᠢ ᠶᠢᠨ ᠬᠥᠭᠵᠢᠯ ᠳᠤ ᠦᠨ᠎ᠡ ᠲᠠᠢ ᠬᠤᠪᠢ ᠨᠡᠮᠡᠷᠢ ᠣᠷᠣᠭᠤᠯᠵᠤ ᠪᠠᠢᠭ᠎ᠠ ᠳᠤ ᠲᠠᠯᠠᠷᠬᠠᠯ ᠢᠯᠡᠷᠬᠡᠶᠢᠯᠡᠪᠡ᠃
ᠮᠦᠠ ᠬᠤᠤᠷᠲᠤ ᠬᠠᠪᠤᠳᠠᠷ ᠲᠡᠷᠡ ᠳᠤᠮᠳᠠ ᠪᠠᠨ ᠡᠯᠢᠭᠡᠨ ᠤ ᠬᠤᠤᠷᠲᠤ ᠬᠠᠪᠤᠳᠠᠷ ᠤᠨ ᠡᠷᠲᠡ ᠢᠯᠡᠷᠡᠭᠦᠯᠬᠦ ᠲᠣᠭᠲᠠᠯᠴᠠᠭ᠎ᠠ ᠶᠢ ᠪᠠᠬᠢᠵᠢᠭᠦᠯᠬᠦ ᠳᠤ ᠡᠮᠴᠢ᠂ ᠮᠡᠷᠭᠡᠵᠢᠯᠲᠡᠳ ᠢ ᠴᠢᠳᠠᠪᠬᠢᠵᠢᠭᠤᠯᠬᠤ᠂ ᠰᠢᠨ᠎ᠡ ᠲᠧᠭᠨᠣᠯᠣᠭᠢ ᠨᠤᠭᠤᠳ ᠢ ᠨᠡᠪᠲᠡᠷᠡᠭᠦᠯᠬᠦ ᠠᠰᠠᠭᠤᠳᠠᠯ ᠴᠢᠬᠤᠯᠠ ᠪᠠᠷ ᠲᠠᠯᠪᠢᠭᠳᠠᠵᠤ ᠪᠠᠶᠢᠭ᠎ᠠ ᠶᠢ ᠲᠡᠷᠡ ᠳᠤᠷᠠᠳᠤᠭᠠᠳ ᠭᠤᠷᠪᠠᠨ ᠤᠯᠤᠰ ᠤᠨ ᠡᠷᠡᠭᠦᠯ ᠮᠡᠨᠳᠦ ᠶᠢᠨ ᠰᠠᠯᠪᠤᠷᠢ ᠶᠢᠨ ᠬᠠᠮᠲᠤ ᠶᠢᠨ ᠠᠵᠢᠯᠯᠠᠭ᠎ᠠ ᠶᠢ ᠰᠢᠨ᠎ᠡ ᠱᠠᠲᠤᠨ ᠳᠤ ᠭᠠᠷᠭᠠᠵᠤ᠂ ᠬᠤᠤᠷᠲᠤ ᠬᠠᠪᠤᠳᠠᠷ ᠤᠨ ᠡᠷᠲᠡ ᠢᠯᠡᠷᠡᠭᠦᠯᠦᠯᠲᠡ᠂ ᠣᠷᠴᠢᠨ ᠦᠶ᠎ᠡ ᠶᠢᠨ ᠣᠨᠤᠰᠢᠯᠠᠭ᠎ᠠ᠂ ᠡᠮᠴᠢᠯᠡᠭᠡᠨ ᠤ ᠠᠷᠭ᠎ᠠ ᠲᠧᠭᠨᠣᠯᠣᠭᠢ ᠶᠢ ᠰᠤᠳᠤᠯᠬᠤ ᠬᠠᠮᠲᠤᠷᠠᠭᠰᠠᠨ ᠰᠤᠷᠭᠠᠯᠲᠠ᠂ ᠰᠤᠳᠤᠯᠭᠠᠨ ᠤ ᠲᠥᠪ ᠢ ᠮᠣᠩᠭᠤᠯ ᠤᠯᠤᠰ ᠲᠤ ᠪᠠᠶᠢᠭᠤᠯᠬᠤ ᠪᠣᠯᠣᠮᠵᠢ ᠲᠠᠢ ᠲᠠᠯ᠎ᠠ ᠪᠠᠷ ᠪᠠᠶᠢᠷᠢ ᠰᠠᠭᠤᠷᠢ ᠪᠠᠨ ᠢᠯᠡᠷᠬᠡᠶᠢᠯᠡᠪᠡ᠃

ᠰᠡᠳᠬᠢᠭᠳᠡᠯ ᠦᠯᠡᠳᠡᠭᠡᠬᠦ