ᠤᠯᠤᠰ᠂ ᠠᠶᠢᠮᠠᠭ ᠤᠨ ᠠᠯᠳᠡᠷ ᠴᠣᠯᠠ ᠲᠠᠢ 256 ᠪᠥᠬᠡ ᠶᠢᠨ ᠪᠠᠷᠢᠯᠳᠤᠭᠠᠨ ᠨᠥᠭᠦᠭᠡᠳᠦᠷ ᠡᠬᠢᠯᠡᠨ᠎ᠡ | News.MN

  ᠤᠯᠤᠰ᠂ ᠠᠶᠢᠮᠠᠭ ᠤᠨ ᠠᠯᠳᠡᠷ ᠴᠣᠯᠠ ᠲᠠᠢ 256 ᠪᠥᠬᠡ ᠶᠢᠨ ᠪᠠᠷᠢᠯᠳᠤᠭᠠᠨ ᠨᠥᠭᠦᠭᠡᠳᠦᠷ ᠡᠬᠢᠯᠡᠨ᠎ᠡ

︽ᠳᠠᠩᠱᠢᠭ ᠨᠠᠭᠠᠳᠤᠮ  ᠬᠦᠷᠢᠶ᠎ᠡ ᠴᠠᠮ︾ᠨᠠᠢᠮᠠᠳᠤᠭᠠᠷ ᠰᠠᠷ᠎ᠠ ᠶᠢᠨ 6᠂7 ᠳᠦ ᠬᠦᠢ ᠳᠣᠯᠤᠭᠠᠨ ᠬᠤᠳᠳᠤᠭ ᠲᠤ ᠪᠣᠯᠤᠨ᠎ᠠ᠃ ᠲᠤᠰ ᠱᠠᠰᠢᠨ ᠰᠣᠶᠤᠯ ᠤᠨ ᠨᠠᠭᠠᠳᠤᠮ ᠳᠤ ᠵᠣᠷᠢᠭᠤᠯᠤᠭᠰᠠᠨ ᠤᠯᠤᠰ᠂ ᠠᠶᠢᠮᠠᠭ ᠤᠨ ᠠᠯᠳᠡᠷ ᠴᠣᠯᠠ ᠲᠠᠢ 256 ᠪᠥᠬᠡ ᠶᠢᠨ ᠪᠠᠷᠢᠯᠳᠤᠭᠠᠨ 6 ᠤ 12:00 ᠴᠠᠭ ᠲᠤ ᠡᠬᠢᠯᠡᠨ᠎ᠡ᠃ ᠡᠨᠡ ᠪᠠᠷᠢᠯᠳᠤᠭᠠᠨ ᠳᠤ ᠪᠥᠬᠡᠴᠦᠳ ᠣᠨᠤᠭᠠᠯᠲᠠ ᠪᠠᠷ ᠪᠠᠷᠢᠯᠳᠤᠳᠠᠭ ᠤᠯᠠᠮᠵᠢᠯᠠᠯ ᠲᠠᠢ᠃
ᠪᠥᠬᠡᠴᠦᠳ ᠢ ᠪᠦᠷᠢᠳᠬᠡᠵᠦ ᠡᠬᠢᠯᠡᠭᠰᠡᠨ ᠪᠥᠭᠡᠳ ᠪᠦᠷᠢᠳᠬᠡᠯ ᠥᠨᠥᠳᠥᠷ 18:00 ᠴᠠᠬ ᠬᠦᠷᠳᠡᠯ᠎ᠠ ᠪᠠᠶᠠᠩᠭᠤᠣᠯ ᠲᠡᠭᠦᠷᠭᠡ ᠶᠢᠨ ᠰᠫᠣᠷᠲ ᠬᠤᠷᠢᠶᠠᠨ ᠤ ᠲᠠᠩᠬᠢᠮ ᠳᠤ ᠦᠷᠬᠦᠯᠵᠢᠯᠡᠬᠦ  ᠪᠦᠭᠡᠳ ᠪᠥᠬᠡᠴᠦᠳ ᠥᠪᠡᠷ ᠤᠨ ᠪᠡᠶ᠎ᠡ ᠪᠠᠷ ᠪᠦᠷᠢᠳᠬᠡᠭᠦᠯᠬᠦ ᠪᠥᠭᠡᠳ ᠰᠤᠭᠤᠯᠤᠭ᠎ᠠ ᠥᠨᠥᠳᠥᠷ ᠶᠠᠪᠤᠭᠳᠠᠬᠤ ᠶᠤᠮ ᠪᠠᠶᠢᠨ᠎ᠡ᠃

ᠰᠡᠳᠬᠢᠭᠳᠡᠯ ᠦᠯᠡᠳᠡᠭᠡᠬᠦ