ᠶᠠᠮᠤᠨ ᠬᠣᠭᠣᠷᠣᠨᠳᠣ ᠶᠢᠨ ᠤᠯᠤᠰ ᠲᠥᠷᠥ ᠶᠢᠨ ᠵᠥᠪᠯᠡᠯᠳᠦᠬᠦ ᠠᠭᠤᠯᠵᠠᠯᠲᠠ ᠪᠣᠯᠪᠠ | News.MN

 ᠶᠠᠮᠤᠨ ᠬᠣᠭᠣᠷᠣᠨᠳᠣ ᠶᠢᠨ ᠤᠯᠤᠰ ᠲᠥᠷᠥ ᠶᠢᠨ ᠵᠥᠪᠯᠡᠯᠳᠦᠬᠦ ᠠᠭᠤᠯᠵᠠᠯᠲᠠ ᠪᠣᠯᠪᠠ

ᠮᠣᠩᠭᠣᠯ ᠤᠯᠤᠰ ᠤᠨ ᠭᠠᠳᠠᠭᠠᠳᠤ ᠬᠠᠷᠢᠯᠴᠠᠭᠠᠨ ᠤ ᠶᠠᠮᠤᠨ᠂ ᠢᠰᠫᠠᠨᠢ ᠶᠢᠨ ᠬᠠᠭᠠᠨᠲᠤ ᠤᠯᠤᠰ ᠤᠨ ᠭᠠᠳᠠᠭᠠᠳᠤ ᠬᠡᠷᠡᠭ᠂ ᠧᠦ᠋ᠷᠣᠫᠠ ᠶᠢᠨ ᠬᠣᠯᠪᠣᠭ᠎ᠠ᠂ ᠬᠠᠮᠲᠤ ᠶᠢᠨ ᠠᠵᠢᠯᠯᠠᠭᠠᠨ ᠤ ᠶᠠᠮᠤᠨ ᠬᠣᠭᠣᠷᠣᠨᠳᠣ ᠶᠢᠨ ᠤᠯᠤᠰ ᠲᠥᠷᠥ ᠶᠢᠨ ᠲᠠᠪᠤᠳᠤᠭᠠᠷ ᠵᠥᠪᠯᠡᠯᠳᠦᠬᠦ ᠠᠭᠤᠯᠵᠠᠯᠲᠠ 2022 ᠣᠨ ᠤ ᠳᠣᠯᠣᠳᠤᠭᠠᠷ ᠰᠠᠷ᠎ᠠ ᠶᠢᠨ 29 ᠳᠦ ᠤᠯᠠᠭᠠᠨᠪᠠᠭᠠᠲᠤᠷ ᠬᠤᠲᠠᠨ᠎ᠠ ᠪᠣᠯᠤᠯ᠎ᠠ᠃ ᠠᠭᠤᠯᠵᠠᠯᠲᠠ ᠳᠤ ᠢᠰᠫᠠᠨᠢ ᠶᠢᠨ ᠬᠠᠭᠠᠨᠲᠤ ᠤᠯᠤᠰ ᠤᠨ ᠭᠠᠳᠠᠭᠠᠳᠤ ᠬᠡᠷᠡᠭ᠂ ᠧᠦ᠋ᠷᠣᠫᠠ ᠶᠢᠨ ᠬᠣᠯᠪᠣᠭ᠎ᠠ᠂ ᠬᠠᠮᠲᠤ ᠶᠢᠨ ᠠᠵᠢᠯᠯᠠᠭᠠᠨ ᠤ ᠶᠠᠮᠤᠨ ᠤ ᠬᠤᠢᠳᠤ ᠠᠮᠧᠷᠢᠺᠠ᠂ ᠵᠡᠭᠦᠨ ᠧᠦ᠋ᠷᠣᠫᠠ᠂ ᠠᠽᠢᠶ᠎ᠠ᠂ ᠨᠣᠮᠣᠬᠠᠨ ᠳᠠᠯᠠᠢ ᠶᠢᠨ ᠣᠷᠣᠨ ᠨᠤᠭᠤᠳ ᠤᠨ ᠭᠠᠵᠠᠷ ᠤᠨ ᠵᠠᠬᠢᠷᠤᠯ ᠬᠠᠸᠢᠶᠧᠷ ᠰᠠᠯᠢᠳᠤ᠋ ᠢᠷᠡᠵᠦ᠂ ᠶᠠᠷᠢᠶ᠎ᠠ ᠬᠡᠯᠡᠯᠴᠡᠭᠡ ᠬᠢᠪᠡ᠃
ᠠᠭᠤᠯᠵᠠᠯᠲᠠ ᠪᠠᠷ ᠬᠣᠶᠠᠷ ᠣᠷᠣᠨ ᠤ ᠨᠡᠶᠢᠭᠡᠮ ᠡᠳ᠋ ᠦᠨ ᠵᠠᠰᠠᠭ ᠤᠨ ᠥᠨᠥ ᠶᠢᠨ ᠪᠠᠶᠢᠳᠠᠯ᠂ ᠬᠥᠭᠵᠢᠯ ᠦᠨ ᠵᠣᠷᠢᠯᠲᠠ ᠨᠤᠭᠤᠳ ᠤᠨ ᠬᠡᠷᠡᠭᠵᠢᠯᠲᠡ ᠶᠢᠨ ᠲᠠᠯ᠎ᠠ ᠪᠠᠷ ᠲᠠᠨᠢᠯᠴᠠᠭᠤᠯᠭ᠎ᠠ ᠬᠢᠵᠦ᠂ ᠮᠣᠩᠭᠣᠯ᠂ ᠢᠰᠫᠠᠨᠢ ᠤᠯᠤᠰ ᠤᠨ ᠬᠣᠶᠠᠷ ᠲᠠᠯ᠎ᠠ ᠶᠢᠨ ᠬᠠᠷᠢᠯᠴᠠᠭ᠎ᠠ ᠶᠢ ᠥᠷᠭᠡᠵᠢᠭᠦᠯᠦᠨ ᠡᠷᠴᠢᠮᠵᠢᠭᠦᠯᠬᠦ᠂ ᠪᠥᠰᠡ ᠨᠤᠲᠤᠭ ᠪᠣᠯᠤᠨ ᠣᠯᠠᠨ ᠤᠯᠤᠰ ᠤᠨ ᠬᠠᠷᠢᠯᠴᠠᠭᠠᠨ ᠤ ᠥᠷᠭᠡᠨ ᠠᠰᠠᠭᠤᠳᠠᠯ ᠢᠶᠠᠷ ᠶᠠᠷᠢᠯᠴᠠᠵᠤ᠂ ᠰᠠᠨᠠᠯ ᠰᠤᠯᠢᠯᠴᠠᠪᠠ᠃ ᠲᠤᠬᠠᠶᠢᠯᠠᠪᠠᠯ᠂ ᠮᠣᠩᠭᠣᠯ᠂ ᠢᠰᠫᠠᠨᠢ ᠶᠢᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 45 ᠵᠢᠯ ᠦᠨ ᠣᠢ ᠲᠣᠬᠢᠶᠠᠵᠤ ᠪᠤᠢ ᠶᠢ ᠲᠠᠯ᠎ᠠ ᠨᠤᠭᠤᠳ ᠣᠨᠴᠠᠯᠠᠵᠤ᠂ ᠬᠣᠶᠠᠷ ᠤᠯᠤᠰ ᠤᠨ ᠬᠤᠳᠠᠯᠳᠤᠭ᠎ᠠ᠂ ᠡᠳ᠋ ᠦᠨ ᠵᠠᠰᠠᠭ ᠤᠨ ᠬᠠᠷᠢᠯᠴᠠᠭ᠎ᠠ ᠶᠢ ᠥᠷᠭᠡᠵᠢᠭᠦᠯᠬᠦ ᠪᠣᠯᠤᠮᠵᠢ ᠶᠢ  ᠡᠷᠢᠯᠬᠢᠯᠡᠬᠦ᠂ ᠬᠥᠳᠡᠭᠡ ᠠᠵᠤ ᠠᠬᠤᠢ᠂ ᠪᠠᠶᠢᠭᠠᠯᠢ ᠣᠷᠴᠢᠨ᠂ ᠲᠡᠭᠡᠭᠡᠪᠦᠷᠢ ᠵᠡᠷᠭᠡ ᠰᠠᠯᠪᠤᠷᠢ ᠳᠤ ᠬᠠᠮᠲᠤ ᠶᠢᠨ ᠠᠵᠢᠯᠯᠠᠭ᠎ᠠ ᠶᠢ ᠡᠷᠴᠢᠮᠵᠢᠭᠦᠯᠵᠦ ᠠᠵᠢᠯᠯᠠᠬᠤ ᠪᠠᠷ ᠲᠣᠬᠢᠷᠠᠯᠴᠠᠪᠠ᠃

ᠰᠡᠳᠬᠢᠭᠳᠡᠯ ᠦᠯᠡᠳᠡᠭᠡᠬᠦ