ᠳᠦᠷᠪᠡᠨ  ᠰᠠᠶ᠎ᠠ ᠲᠥᠭᠦᠷᠢᠭ ᠤᠨ 110 ᠰᠢᠷᠭᠡᠭ ᠬᠡᠦᠬᠡᠳ ᠤᠨ ᠨᠣᠮ ᠬᠠᠨᠳᠢᠪᠯᠠᠪᠠ | News.MN

ᠳᠦᠷᠪᠡᠨ  ᠰᠠᠶ᠎ᠠ ᠲᠥᠭᠦᠷᠢᠭ ᠤᠨ 110 ᠰᠢᠷᠭᠡᠭ ᠬᠡᠦᠬᠡᠳ ᠤᠨ ᠨᠣᠮ ᠬᠠᠨᠳᠢᠪᠯᠠᠪᠠ

ᠠᠦ᠋ᠰᠲᠷᠠᠯᠢᠶ᠎ᠠ ᠶᠢᠨ ᠡᠯᠴᠢᠨ ᠰᠠᠶᠢᠳ ᠤᠨ ᠶᠠᠮᠤᠨ᠂ ᠦᠨᠳᠦᠰᠦᠨ ᠤ ᠨᠣᠮ ᠤᠨ ᠰᠠᠩ ᠬᠠᠮᠲᠤᠷᠠᠨ ᠠᠷᠤᠬᠠᠩᠭᠠᠢ ᠠᠶᠢᠮᠠᠭ ᠤᠨ ᠨᠣᠮ ᠤᠨ   ᠰᠠᠩ ᠳᠤ ᠰᠤᠷᠭᠠᠯᠲᠠ ᠵᠤᠬᠢᠶᠠᠨ ᠪᠠᠢᠭᠤᠯᠪᠠ᠃ ᠰᠤᠷᠭᠠᠯᠲᠠ ᠳᠤ 26 ᠨᠣᠮ ᠤᠨ ᠰᠠᠩᠴᠢ ᠬᠠᠮᠤᠷᠤᠭᠳᠠᠵᠤ᠂ ᠲᠡᠳᠡ ᠨᠣᠮ ᠵᠦᠢ ᠶᠢᠨ ᠦᠢᠯᠡᠴᠢᠯᠡᠭᠡ᠂ ᠴᠠᠬᠢᠮ ᠣᠷᠴᠢᠨ ᠳᠠᠬᠢ ᠨᠣᠮ ᠵᠦᠢ ᠶᠢᠨ ᠦᠢᠯᠡᠴᠢᠯᠡᠭᠡ᠂ ᠨᠣᠮ ᠤᠨ ᠰᠠᠩ ᠤᠨ ᠨᠢᠭᠡᠳᠦᠭᠰᠡᠨ ᠰᠢᠰᠲ᠋ᠧᠮ᠂ ᠠᠦ᠋ᠲ᠋ᠣᠮᠠᠲᠵᠢᠭᠤᠯᠤᠯᠲᠠ᠂ ᠫᠷᠦᠭᠷᠡᠮ ᠬᠠᠩᠭᠠᠮᠵᠢ ᠵᠡᠷᠭᠡ ᠠᠭᠤᠯᠭ᠎ᠠ ᠶᠢᠨ ᠬᠦᠷᠢᠶᠡᠨ ᠳᠤ ᠮᠡᠳᠡᠭᠡᠯᠡᠯ ᠠᠪᠴᠤ᠂ ᠠᠷᠭ᠎ᠠ ᠵᠦᠢ ᠶᠢᠨ ᠵᠥᠪᠯᠡᠯᠭᠡ ᠵᠥᠪᠯᠡᠮᠵᠢ ᠠᠪᠤᠯ᠎ᠠ᠃
ᠰᠤᠷᠭᠠᠯᠲᠠ ᠶᠢᠨ ᠦᠶ᠎ᠡ ᠪᠠᠷ ᠠᠶᠢᠮᠠᠭ ᠤᠨ ᠬᠡᠦᠬᠡᠳ ᠤᠨ ᠨᠣᠮ ᠤᠨ ᠣᠷᠳᠣᠨ ᠤ ᠹᠤᠨᠳ᠋ ᠲᠤ 4  ᠰᠠᠶ᠎ᠠ ᠲᠥᠭᠦᠷᠢᠭ ᠤᠨ 110 ᠰᠢᠷᠭᠡᠭ ᠬᠡᠦᠬᠡᠳ ᠤᠨ ᠲᠠᠨᠢᠨ ᠮᠡᠳᠡᠬᠦᠢ᠂ ᠮᠡᠳᠡᠯᠭᠡ ᠳᠦ ᠵᠣᠷᠢᠭᠤᠯᠤᠭᠰᠠᠨ ᠪᠤᠯᠦᠠ ᠦᠯᠢᠭᠡᠷ᠂ ᠤᠷᠠᠨ ᠵᠤᠬᠢᠶᠡᠯ᠂ ᠬᠡᠯᠡᠨ ᠤ ᠨᠣᠮ ᠢ ᠬᠠᠨᠳᠢᠪᠯᠡᠭ᠌ᠰᠠᠨ ᠶᠤᠮ᠃  ᠳᠡᠭᠡᠷᠡᠬᠢ ᠰᠤᠷᠭᠠᠯᠲᠠ ᠶᠢ ᠠᠦ᠋ᠰᠲᠷᠠᠯᠢᠶ᠎ᠠ ᠶᠢᠨ ᠡᠯᠴᠢᠨ ᠰᠠᠢᠳ ᠤᠨ ᠶᠠᠮᠤᠨ ᠤ ᠬᠥᠲᠥᠯᠪᠦᠷᠢ ᠬᠠᠷᠢᠭᠤᠴᠠᠭᠰᠠᠨ ᠮᠡᠷᠭᠡᠵᠢᠯᠲᠡᠨ ᠬ᠊ · ᠥᠷᠨᠢᠬᠦ᠂ ᠠᠦ᠋ᠰᠲᠷᠠᠯᠢᠶ᠎ᠠ ᠶᠢᠨ ᠲᠡᠳᠬᠦᠯᠭᠡ ᠶᠢᠨ ᠲᠡᠭᠦᠰᠦᠭᠴᠢ᠂ ᠦᠨᠳᠦᠰᠦᠨ ᠤ ᠨᠣᠮ ᠤᠨ ᠰᠠᠩ ᠤᠨ ᠠᠯᠪᠠᠨ ᠤ ᠳᠠᠷᠤᠭ᠎ᠠ ᠮ᠊∙ ᠳᠠᠸᠠᠰᠦ᠋ᠷᠦᠩ᠂ ᠨᠣᠮ ᠵᠦᠢᠴᠢ ᠪ∙ᠴᠤᠭᠵᠢᠷᠭᠠᠯ᠂ ᠠᠨᠠᠭᠠᠬᠤ ᠤᠬᠠᠭᠠᠨ ᠤ ᠲᠥᠪ ᠨᠣᠮ ᠤᠨ ᠰᠠᠩ ᠤᠨ ᠵᠠᠬᠢᠷᠤᠯ ᠵ᠊·ᠪᠠᠶᠠᠷᠴᠡᠩᠭᠡᠯ ᠨᠠᠷ  ᠵᠤᠬᠢᠶᠠᠨ ᠪᠠᠢᠭᠤᠯᠤᠯ᠎ᠠ᠃

ᠰᠡᠳᠬᠢᠭᠳᠡᠯ ᠦᠯᠡᠳᠡᠭᠡᠬᠦ