ᠮᠠᠯᠠᠢᠰᠢᠶ᠎ᠠ ᠤᠯᠤᠰ ᠤᠨ ᠳᠤᠮᠳᠠ ᠬᠡᠮᠵᠢᠶᠡᠨ ᠤ ᠪᠢᠽᠢᠨᠧᠰ ᠤᠨ ᠺᠣᠮᠫᠠᠨᠢ ᠨᠤᠭᠤᠳ ᠢ ᠬᠠᠷᠢᠭᠤᠴᠠᠭᠰᠠᠨ ᠺᠤᠨᠰᠧᠷᠴᠢᠤᠮ ᠪᠤᠯᠦᠠ ᠮᠤᠩᠭᠤᠯ ᠤᠨ ᠦᠨᠳᠦᠰᠦᠨ ᠦ ᠬᠤᠳᠠᠯᠳᠤᠭ᠎ᠠ ᠠᠵᠤ ᠦᠢᠯᠡᠳᠪᠤᠷᠢ ᠶᠢᠨ ᠲᠠᠩᠬᠢᠮ ᠤᠨ ᠤᠳᠦᠷᠢᠳᠦᠯᠭ᠎ᠠ ᠬᠤᠶᠠᠷ ᠣᠷᠣᠨ ᠤ ᠬᠠᠮᠲᠤ ᠶᠢᠨ ᠠᠵᠢᠯᠯᠠᠭᠠᠨ ᠤ ᠲᠠᠯ᠎ᠠ ᠪᠠᠷ ᠴᠠᠬᠢᠮ ᠢᠶᠠᠷ ᠠᠭᠤᠯᠵᠠᠪᠠ᠃ ᠠᠭᠤᠯᠵᠠᠯᠲᠠ ᠳᠤ ᠮᠠᠯᠠᠢᠰᠢᠶ᠎ᠠ ᠤᠯᠤᠰ ᠤᠨ ᠳᠤᠮᠳᠠ ᠬᠡᠮᠵᠢᠶᠡᠨ ᠤ ᠪᠢᠽᠢᠨᠧᠰ ᠤᠨ ᠺᠣᠮᠫᠠᠨᠢ ᠨᠤᠭᠤᠳ ᠢ ᠬᠠᠷᠢᠭᠤᠴᠠᠭᠰᠠᠨ ᠺᠤᠨᠰᠧᠷᠴᠢᠤᠮ ᠤᠨ ᠶᠡᠷᠦᠩᠬᠡᠶᠢᠯᠡᠭᠴᠢ᠂ ᠳᠡᠳ᠋ ᠶᠡᠷᠦᠩᠬᠡᠶᠢᠯᠡᠭᠴᠢ ᠺᠠᠯᠯᠤᠮ ᠴᠧᠨ᠂ ᠮᠠᠷᠲ᠋ᠢᠨ ᠠᠩ ᠲᠡᠷᠢᠭᠦᠲᠡᠢ ᠠᠯᠪᠠᠨ ᠲᠤᠰᠢᠶᠠᠯᠲᠠᠳ ᠣᠷᠣᠯᠴᠠᠪᠠ᠃
ᠠᠭᠤᠯᠵᠠᠯᠲᠠ ᠪᠠᠷ ᠮᠤᠩᠭᠤᠯ ᠤᠨ ᠦᠨᠳᠦᠰᠦᠨ ᠦ ᠬᠤᠳᠠᠯᠳᠤᠭ᠎ᠠ ᠠᠵᠤ ᠦᠢᠯᠡᠳᠪᠤᠷᠢ ᠶᠢᠨ ᠲᠠᠩᠬᠢᠮ ᠤᠨ ᠳᠠᠷᠤᠭ᠎ᠠ ᠲ᠊ · ᠲᠦᠬᠦᠷᠡᠩ ᠴᠠᠷ᠎ᠠ ᠲᠠᠬᠤᠯ᠂ ᠴᠠᠬ ᠦᠶ᠎ᠡ ᠶᠢᠨ ᠨᠥᠬᠦᠴᠡᠯ ᠪᠠᠶᠢᠳᠠᠯ ᠤᠨ ᠤᠯᠠᠮ ᠠᠴᠠ ᠮᠣᠩᠭᠤᠯ ᠤᠯᠤᠰ ᠤᠨ ᠭᠠᠳᠠᠭᠠᠳᠤ ᠬᠤᠳᠠᠯᠳᠤᠭ᠎ᠠ᠂ ᠲᠡᠭᠡᠭᠡᠪᠦᠷᠢ ᠯᠤᠭᠢᠰᠲ᠋ᠢᠺ ᠲᠤ ᠳᠣᠭᠤᠯᠳᠠᠯ ᠡᠭᠦᠰᠦᠭᠡᠳ ᠪᠠᠶᠢᠭ᠎ᠠ ᠡᠨᠡ ᠦᠶ᠎ᠡ ᠳᠤ ᠭᠠᠳᠠᠭᠠᠳᠤ ᠶᠢᠨ ᠬᠥᠷᠥᠩᠭᠡ ᠣᠷᠤᠭᠤᠯᠤᠯᠲᠠ ᠶᠢ ᠲᠠᠲᠠᠬᠤ᠂ ᠭᠤᠷᠪᠠᠳᠠᠭᠴᠢ ᠬᠥᠷᠰᠢ ᠶᠢᠨ ᠪᠢᠽᠢᠨᠧᠰ ᠤᠨ ᠬᠠᠮᠲᠤ ᠶᠢᠨ ᠠᠵᠢᠯᠯᠠᠭ᠎ᠠ ᠶᠢ ᠳᠡᠮᠵᠢᠵᠦ ᠠᠵᠢᠯᠯᠠᠬᠤ ᠨᠢ ᠶᠡᠬᠡᠭᠡᠬᠡᠨ ᠠᠴᠢ ᠬᠤᠯᠪᠣᠭᠳᠠᠯ ᠲᠠᠢ ᠭᠡᠳᠡᠭ ᠢ ᠣᠨᠴᠠᠯᠠᠯ᠎ᠠ᠃
ᠮᠠᠯᠠᠢᠰᠢᠶ᠎ᠠ ᠤᠯᠤᠰ ᠤᠨ ᠳᠤᠮᠳᠠ ᠬᠡᠮᠵᠢᠶᠡᠨ ᠤ ᠪᠢᠽᠢᠨᠧᠰ ᠤᠨ ᠺᠣᠮᠫᠠᠨᠢ ᠨᠤᠭᠤᠳ ᠢ ᠬᠠᠷᠢᠭᠤᠴᠠᠭᠰᠠᠨ ᠺᠤᠨᠰᠧᠷᠴᠢᠤᠮ ᠤᠨ ᠶᠡᠷᠦᠩᠬᠡᠶᠢᠯᠡᠭᠴᠢ ᠨᠣᠶᠠᠨ ᠺᠠᠯᠯᠤᠮ ᠴᠧᠨ ᠬᠡᠯᠡᠬᠦ ᠳᠤ ᠪᠠᠨ᠂ ᠬᠤᠶᠠᠷ ᠣᠷᠣᠨ ᠤ ᠬᠤᠳᠠᠯᠳᠤᠭ᠎ᠠ᠂ ᠠᠵᠤ ᠦᠢᠯᠡᠳᠪᠦᠷᠢ ᠶᠢᠨ ᠲᠠᠩᠬᠢᠮ ᠨᠢ ᠪᠢᠽᠢᠨᠧᠰ ᠢ ᠲᠡᠮᠵᠢᠭᠴᠢ ᠪᠠᠶᠢᠭᠤᠯᠤᠯᠭ᠎ᠠ ᠶᠢᠨ ᠬᠤᠪᠢ ᠳᠤ ᠬᠤᠶᠠᠷ ᠲᠠᠯ᠎ᠠ ᠶᠢᠨ ᠪᠢᠽᠢᠨᠧᠰ ᠬᠤᠭᠤᠷᠦᠡᠳᠦ ᠬᠤᠯᠪᠣᠭ᠎ᠠ᠂ ᠬᠠᠷᠢᠯᠴᠠᠭ᠎ᠠ ᠲᠤᠬᠳᠡᠭᠠᠬᠤ ᠭᠦᠦᠷ ᠪᠣᠯᠵᠤ ᠪᠤᠢ ᠳᠤ ᠲᠠᠯᠠᠷᠬᠠᠯ ᠢᠯᠡᠷᠬᠡᠶᠢᠯᠡᠵᠦ᠂ ᠴᠢᠨᠠᠭᠰᠢᠳᠠ ᠬᠤᠶᠠᠷ ᠤᠯᠤᠰ ᠤᠨ ᠬᠤᠳᠠᠯᠳᠤᠭ᠎ᠠ᠂ ᠡᠳ᠋ ᠤᠨ ᠵᠠᠰᠠᠭ ᠤᠨ ᠬᠠᠮᠲᠤ ᠶᠢᠨ ᠠᠵᠢᠯᠯᠠᠭ᠎ᠠ ᠤᠯᠠᠮ ᠦᠷᠭᠡᠵᠢᠨ᠎ᠡ ᠭᠡᠳᠡᠭ ᠲᠤ ᠢᠲᠡᠭᠡᠯ ᠲᠦᠬᠦᠷᠡᠩ ᠪᠠᠶᠢᠨ᠎ᠡ ᠭᠡᠪᠡ᠃
ᠲᠤᠰ ᠤᠯᠤᠰ ᠤᠨ 20 ᠭᠠᠷᠦᠢ ᠻᠣᠮᠫᠠᠨᠢ ᠡᠨᠡ ᠣᠨ ᠤ 9 ᠳ᠋ᠦ᠋ᠭᠡᠷ ᠰᠠᠷ᠎ᠠ ᠳᠤ︽ᠮᠢᠰᠢᠶᠡᠯ ᠡᠺᠰᠫᠤ︾ᠲᠦᠪ ᠲᠦ ᠵᠣᠬᠢᠶᠠᠨ ᠪᠠᠶᠢᠭᠤᠯᠬᠤ ᠤᠯᠠᠮᠵᠢᠯᠠᠯᠲᠤ︽ᠤᠯᠠᠭᠠᠨᠪᠠᠭᠠᠲᠤᠷ ᠲᠦᠩᠰᠢᠯᠡᠯ︾ᠣᠯᠠᠨ ᠤᠯᠤᠰ ᠤᠨ ᠦᠵᠡᠰᠬᠦᠯᠡᠩ ᠶᠠᠭᠠᠷᠠᠮᠠᠭ ᠲᠤ ᠪᠦᠲᠦᠭᠡᠭᠳᠡᠬᠦᠨ᠂ ᠦᠢᠯᠡᠴᠢᠯᠡᠭᠡ ᠪᠠᠨ ᠲᠠᠨᠢᠯᠴᠠᠭᠤᠯᠵᠤ᠂ ᠪᠢᠽᠢᠨᠧᠰ ᠤᠨ ᠬᠠᠮᠲᠤ ᠶᠢᠨ ᠠᠵᠢᠯᠯᠠᠭ᠎ᠠ ᠡᠷᠢᠯᠬᠢᠯᠡᠨ ᠣᠷᠣᠯᠴᠠᠬᠤ ᠪᠠᠷ ᠪᠣᠯᠪᠠ᠃