︽ᠤᠷᠢᠶᠠᠩᠬᠠᠢ᠂ ᠲᠤᠸᠠ ᠲᠦᠮᠡᠨ ᠤ ᠰᠣᠶᠤᠯ ᠤᠨ ᠥᠪ ᠤᠨ ᠡᠳᠦᠷ ᠤᠳ︾ᠡᠬᠢᠯᠡᠯ᠎ᠡ | News.MN

︽ᠤᠷᠢᠶᠠᠩᠬᠠᠢ᠂ ᠲᠤᠸᠠ ᠲᠦᠮᠡᠨ ᠤ ᠰᠣᠶᠤᠯ ᠤᠨ ᠥᠪ ᠤᠨ ᠡᠳᠦᠷ ᠤᠳ︾ᠡᠬᠢᠯᠡᠯ᠎ᠡ

︽ᠤᠷᠢᠶᠠᠩᠬᠠᠢ᠂ ᠲᠤᠸᠠ ᠲᠦᠮᠡᠨ ᠤ ᠰᠣᠶᠤᠯ ᠤᠨ ᠥᠪ ᠤᠨ ᠡᠳᠦᠷ ᠤᠳ︾ᠪᠠᠶᠠᠷ ᠤᠨ ᠠᠷᠭ᠎ᠠ ᠭᠡᠮᠵᠢᠶ᠎ᠠ ᠳᠤᠯᠤᠳᠤᠭᠠᠷ ᠰᠠᠷ᠎ᠠ ᠶᠢᠨ 25  ᠳᠦ ᠲᠣᠯᠪᠤ ᠰᠤᠮᠤ ᠶᠢᠨ ᠲᠣᠯᠪᠤ ᠨᠠᠭᠤᠷ ᠤᠨ ᠬᠥᠪᠡᠭᠡᠨ ᠳᠤ ᠡᠬᠢᠯᠡᠯ᠎ᠡ᠃ ᠨᠡᠭᠡᠭᠡᠯᠲᠡ ᠶᠢᠨ ᠲᠤᠭᠯᠠᠯᠲᠠ ᠶᠢᠨ ᠦᠶ᠎ᠡ ᠪᠠᠷ ᠢᠵᠡᠭᠤᠷ ᠥᠪ ᠰᠤᠶᠦᠯ᠂ ᠵᠠᠩ ᠵᠠᠩᠰᠢᠯ᠂ ᠤᠯᠠᠮᠵᠢᠯᠠᠯ ᠢ ᠬᠠᠷᠠᠭᠤᠯᠤᠭᠰᠠᠨ ᠦᠵᠡᠭᠦᠯᠪᠦᠷᠢ ᠲᠣᠭᠯᠠᠯᠲᠠ ᠨᠤᠭᠤᠳ ᠢ ᠦᠵᠡᠭᠦᠯᠦᠭᠰᠡᠨ ᠪᠦᠭᠡᠳ ᠤᠷᠢᠶᠠᠩᠬᠠᠶᠢᠴᠤᠳ ᠦᠨ ᠭᠠᠵᠠᠷ ᠤᠰᠤ᠂ ᠲᠡᠭᠷᠢ ᠰᠢᠲᠦᠬᠦ᠂ ᠣᠪᠤᠭ᠎ᠠ ᠲᠡᠬᠢᠬᠤ ᠤᠯᠠᠮᠵᠢᠯᠠᠯ ᠢ ᠴᠤ ᠦᠵᠡᠭᠦᠯᠦᠯ᠎ᠡ᠃

︽ᠤᠷᠢᠶᠠᠩᠬᠠᠢ᠂ ᠲᠤᠸᠠ ᠲᠦᠮᠡᠨ ᠤ ᠰᠣᠶᠤᠯ ᠤᠨ ᠥᠪ ᠤᠨ ᠡᠳᠦᠷ ᠤᠳ︾ ᠤᠨ ᠪᠠᠰᠠ ᠨᠢᠭᠡ ᠣᠨᠴᠠᠯᠢᠭ ᠨᠢ ᠪᠡᠶᠡᠷ ᠨᠠᠭᠠᠳᠤᠮ ᠳᠤ ᠬᠦᠷᠦᠯᠴᠡᠨ ᠢᠷᠡᠭᠰᠡᠨ ᠵᠣᠴᠢᠳ ᠭᠡᠶᠢᠴᠢᠳ ᠮᠣᠩᠭᠤᠯ᠂ ᠲᠤᠸᠠ᠂ ᠥᠪᠥᠷ ᠮᠣᠩᠭᠤᠯ᠂ ᠰᠢᠨᠵᠢᠶᠠᠩ ᠤᠢᠭᠤᠷ ᠤᠨ ᠤᠷᠢᠶᠠᠩᠬᠠᠶᠢᠴᠤᠳ ᠤᠨ ᠬᠡᠯᠡ ᠠᠶᠠᠯᠭᠤ᠂  ᠬᠤᠪᠴᠠᠰᠤ ᠬᠡᠷᠡᠭᠯᠡᠯ᠂ ᠥᠪ ᠰᠣᠶᠣᠯ ᠢ ᠪᠣᠳᠠᠲᠤ ᠪᠠᠷ ᠦᠵᠡᠵᠦ ᠰᠤᠨᠢᠷᠬᠠᠬᠤ ᠪᠣᠯᠣᠮᠵᠢ ᠣᠯᠭᠤᠭᠰᠠᠨ ᠶᠠᠪᠤᠳᠠᠯ ᠪᠠᠶᠢᠯ᠎ᠠ᠃  ᠮᠦᠠ ᠢᠵᠡᠭᠤᠷ ᠤᠷᠠᠯᠢᠭ ᠤᠨ ᠠᠮᠠᠨ ᠪᠢᠯᠢᠭ ᠤᠨ ᠲᠤᠤᠯᠢ᠂ ᠢᠷᠦᠭᠡᠯ ᠮᠠᠭᠲᠠᠭᠠᠯ᠂  ᠬᠥᠭᠵᠢᠮ᠂ ᠱᠤᠤ ᠶᠠᠷᠢᠶ᠎ᠠ᠂ ᠳᠠᠭᠤᠤ ᠪᠤᠯᠦᠠ ᠡᠷᠲᠡ ᠴᠠᠭ ᠠᠴᠠ ᠤᠯᠠᠮᠵᠢᠯᠠᠭᠳᠠᠨ ᠢᠷᠡᠭᠰᠡᠨ ᠨᠡᠩ ᠬᠤᠪᠣᠷᠳᠠᠭᠰᠠᠨ ᠬᠠᠭᠤᠴᠢᠨ ᠤ ᠲᠣᠭᠯᠠᠭᠠᠮ ᠨᠠᠭᠠᠳᠤᠭᠠᠢ ᠶᠢᠨ ᠲᠡᠮᠡᠴᠡᠭᠡᠨ ᠴᠤ ᠡᠳᠡᠭᠡᠷ ᠡᠳᠦᠷ ᠤᠳ ᠵᠣᠬᠢᠶᠠᠨ ᠪᠠᠶᠢᠭᠤᠯᠤᠭᠳᠠᠬᠤ ᠶᠤᠮ ᠪᠠᠶᠢᠨ᠎ᠡ᠃

ᠰᠡᠳᠬᠢᠭᠳᠡᠯ ᠦᠯᠡᠳᠡᠭᠡᠬᠦ