︽ᠲᠷᠢᠤ᠋︾ᠺᠢᠨᠣ᠋ ᠸᠡᠷᠱᠡᠸᠠ ᠶᠢᠨ ᠺᠢᠨᠣ᠋ ᠨᠠᠭᠠᠳᠤᠮ ᠳᠤ ᠣᠷᠣᠯᠴᠠᠬᠤ ᠪᠠᠷ ᠰᠢᠯᠭᠠᠷᠠᠯ᠎ᠠ | News.MN

︽ᠲᠷᠢᠤ᠋︾ᠺᠢᠨᠣ᠋ ᠸᠡᠷᠱᠡᠸᠠ ᠶᠢᠨ ᠺᠢᠨᠣ᠋ ᠨᠠᠭᠠᠳᠤᠮ ᠳᠤ ᠣᠷᠣᠯᠴᠠᠬᠤ ᠪᠠᠷ ᠰᠢᠯᠭᠠᠷᠠᠯ᠎ᠠ

ᠮᠣᠩᠭᠤᠯ ᠤᠷᠠᠨ ᠪᠦᠲᠦᠭᠡᠯᠴᠢᠳ ᠤᠨ ᠬᠢᠭᠰᠡᠨ︽ᠲᠷᠢᠤ᠋︾ᠺᠢᠨᠣ᠋ ᠡᠨᠡ ᠣᠨ ᠤ ᠠᠷᠪᠠᠳᠤᠭᠠᠷ ᠰᠠᠷ᠎ᠠ ᠳᠤ ᠪᠣᠯᠬᠤ 38 ᠳᠠᠬᠢ ᠤᠳᠠᠭ᠎ᠠ ᠶᠢᠨ ᠸᠡᠷᠱᠡᠸᠠ ᠶᠢᠨ ᠣᠯᠠᠨ ᠤᠯᠤᠰ ᠤᠨ ᠺᠢᠨᠣ᠋ ᠨᠠᠭᠠᠳᠤᠮ ᠳᠤ ᠤᠷᠢᠭᠳᠠᠵᠠᠢ᠃ ᠳᠡᠯᠡᠬᠡᠢ ᠶᠢᠨ ︽ᠠ︾ ᠵᠡᠷᠭᠡᠯᠡᠯ ᠳᠤ ᠲᠣᠭᠠᠴᠠᠭᠳᠠᠳᠠᠭ ᠸᠡᠷᠱᠡᠸᠠ ᠶᠢᠨ ᠺᠢᠨᠣ᠋ ᠨᠠᠭᠠᠳᠤᠮ  ᠨᠢ︽ᠺᠢᠨᠣ᠋ ᠫᠷᠤᠳᠢᠦᠰᠸᠷ ᠤᠳ ᠤᠨ ᠣᠯᠠᠨ ᠤᠯᠤᠰ ᠤᠨ ᠬᠤᠯᠪᠣᠭ᠎ᠠ︾ ᠶᠢᠨ ᠡᠯᠢᠲ ᠨᠠᠭᠠᠳᠤᠮ ᠤᠳ ᠤᠨ  ᠨᠢᠭᠡ  ᠶᠤᠮ᠃︽ᠲᠷᠢᠤ᠋︾ᠺᠢᠨᠣ᠋ ᠨᠢ ᠸᠡᠷᠱᠡᠸᠠ ᠶᠢᠨ ᠣᠯᠠᠨ ᠤᠯᠤᠰ ᠤᠨ ᠺᠢᠨᠣ᠋ ᠨᠠᠭᠠᠳᠤᠮ ᠳᠤ ᠤᠷᠦᠯᠴᠡᠬᠤ ᠮᠣᠩᠭᠣᠯ ᠤᠨ ᠬᠠᠮᠤᠬ ᠤᠨ ᠠᠩᠬᠠᠨ ᠤ ᠤᠷᠠᠨ ᠪᠦᠲᠦᠭᠡᠯ ᠪᠣᠯᠵᠤ ᠪᠤᠶ ᠲᠡᠳᠦᠢ ᠦᠭᠡᠢ᠂ ᠤᠭ ᠺᠢᠨᠣ᠋ ᠶᠢᠨ ᠨᠠᠶᠢᠷᠠᠭᠤᠯᠤᠭᠴᠢ ᠳ᠋᠊ · ᠪᠠᠲᠤᠲᠡᠮᠦᠷ ᠢ ᠠᠯᠪᠠᠨ ᠶᠣᠰᠤᠭᠠᠷ ᠤᠷᠢᠵᠠᠢ᠃

︽ᠬᠡᠨ ᠢ ᠴᠤ ᠠᠷᠤ ᠳᠠᠭᠠᠨ ᠪᠦᠦ ᠦᠯᠡᠳᠡᠭᠡ︾ᠭᠡᠳᠡᠭ ᠬᠦᠴᠦᠲᠡᠢ ᠮᠧᠰᠰᠧᠵ ᠢ ᠳᠡᠯᠡᠬᠡᠢ ᠳᠤ ᠦᠭᠬᠦ ᠵᠣᠷᠢᠯᠭ᠎ᠠ ᠲᠠᠢ  ᠡᠨᠡ ᠬᠦ ᠤᠷᠠᠨ ᠪᠦᠲᠦᠭᠡᠯ ᠨᠢ  ᠳ᠋ᠠᠸᠤᠨ ᠤ ᠰᠢᠨᠳ᠋ᠷᠤᠮ ᠢᠶᠠᠷ ᠳᠠᠮᠵᠢᠭᠤᠯᠤᠨ ᠮᠣᠩᠭᠤᠯ᠂  ᠮᠤᠩᠭᠤᠯᠢᠰᠮ᠂ ᠮᠤᠩᠭᠤᠯᠤᠢᠳ᠋ ᠵᠡᠷᠭᠡ ᠦᠭᠡᠰ ᠢ ᠵᠦᠶ ᠪᠤᠰᠤ ᠪᠠᠷ ᠣᠯᠠᠨ ᠤᠯᠤᠰ ᠲᠤ ᠬᠡᠷᠡᠭᠯᠡᠵᠦ ᠪᠤᠶ ᠪᠦᠳᠦᠭᠦᠯᠢᠭ ᠪᠠᠶᠢᠳᠠᠯ ᠢ ᠬᠠᠯᠠᠬᠤ᠂ ᠮᠣᠩᠭᠤᠯ ᠶᠣᠰᠣ᠂ ᠤᠯᠠᠮᠵᠢᠯᠠᠯ ᠢ ᠳᠡᠯᠡᠬᠡᠢ ᠨᠡᠶᠢᠲᠡ ᠳᠤ ᠲᠠᠨᠢᠭᠤᠯᠬᠤ᠂ ᠲᠡᠭᠦᠪᠡᠷ ᠳᠠᠮᠵᠢᠭᠤᠯᠤᠨ ᠮᠣᠩᠭᠤᠯ ᠣᠷᠣᠨ ᠤ ᠪᠠᠶᠢᠭᠠᠯᠢ ᠶᠢᠨ ᠦᠵᠡᠰᠬᠦᠯᠡᠩᠲᠦ ᠭᠠᠵᠠᠷ ᠤᠳ ᠢ ᠳᠡᠯᠡᠬᠡᠢ ᠳᠤ ᠰᠤᠷᠲᠠᠯᠴᠢᠯᠠᠬᠤ᠂ ᠳ᠋ᠠᠸᠤᠨ ᠤ ᠬᠠᠮ ᠰᠢᠨᠵᠢ ᠲᠠᠢ ᠬᠥᠮᠥᠰ ᠤᠨ ᠡᠷᠬᠡ ᠶᠢ ᠬᠠᠮᠡᠭᠠᠯᠡᠬᠤ᠂ ᠳᠡᠯᠡᠬᠡᠢ ᠳᠠᠶᠠᠭᠠᠷ ᠲᠡᠭᠰᠢ ᠬᠦᠷᠲᠡᠭᠡᠮᠵᠢ ᠲᠠᠢ ᠨᠡᠶᠢᠭᠡᠮ ᠤᠨ ᠴᠤᠭᠴᠠᠯᠠᠬᠤ ᠶᠢᠨ ᠲᠤᠯᠠᠳᠠ ᠣᠯᠠᠨ ᠤᠯᠤᠰ ᠲᠤ ᠵᠥᠪ ᠤᠢᠯᠠᠭᠠᠯᠲᠠ ᠦᠭᠬᠦ᠂  ᠴᠢᠨᠠᠭᠰᠢᠯᠠᠪᠠᠯ ᠮᠣᠩᠭᠤᠯ ᠦᠨᠳᠦᠰᠦᠲᠡᠨ ᠤ ᠢᠵᠢᠯᠰᠡᠯ ᠪᠠ ᠢᠯᠭᠠᠷᠠᠯ ᠢ ᠳᠡᠯᠡᠬᠡᠢ ᠳᠤ ᠲᠠᠨᠢᠭᠤᠯᠬᠤ ᠵᠣᠷᠢᠯᠲᠠᠲᠤ ᠤᠷᠠᠨ ᠪᠦᠲᠦᠭᠡᠯ ᠶᠤᠮ᠃

ᠰᠡᠳᠬᠢᠭᠳᠡᠯ ᠦᠯᠡᠳᠡᠭᠡᠬᠦ