ᠬᠠᠨ ᠬᠦᠬᠦᠢ ᠠᠭᠤᠯᠠ ᠶᠢᠨ ᠲᠡᠭᠷᠢ ᠶᠢ ᠲᠠᠶᠢᠬᠤ ᠲᠥᠷᠦ ᠶᠢᠨ ᠲᠡᠬᠢᠯᠭ᠎ᠠ ᠪᠣᠯᠪᠠ | News.MN

ᠬᠠᠨ ᠬᠦᠬᠦᠢ ᠠᠭᠤᠯᠠ ᠶᠢᠨ ᠲᠡᠭᠷᠢ ᠶᠢ ᠲᠠᠶᠢᠬᠤ ᠲᠥᠷᠦ ᠶᠢᠨ ᠲᠡᠬᠢᠯᠭ᠎ᠠ ᠪᠣᠯᠪᠠ

ᠤᠪᠰᠤ ᠠᠶᠢᠮᠠᠭ ᠤᠨ ᠥᠨᠳᠥᠷ ᠬᠠᠩᠭᠠᠢ᠂ ᠴᠠᠭᠠᠩᠬᠠᠶᠢᠷᠬᠠᠨ ᠰᠤᠮᠤᠳ ᠤᠨ ᠨᠤᠲᠤᠭ ᠲᠤ ᠣᠷᠤᠰᠢᠬᠤ ᠬᠠᠨ ᠬᠥᠬᠡᠢ  ᠤᠤᠯ ᠤᠨ ᠲᠡᠭᠷᠢ ᠶᠢ ᠲᠠᠶᠢᠬᠤ ᠲᠥᠷᠦ ᠶᠢᠨ ᠲᠡᠬᠢᠯᠭ᠎ᠠ ᠶᠢᠨ ᠶᠣᠰᠣᠯᠠᠯ 2022 ᠣᠨ ᠤ ᠳᠣᠯᠣᠳᠤᠭᠠᠷ ᠰᠠᠷ᠎ᠠ ᠶᠢᠨ 27 ᠤ ᠡᠳᠦᠷ ᠪᠣᠯᠣᠯ᠎ᠠ᠃ ᠲᠥᠷᠦ ᠶᠢᠨ ᠲᠡᠬᠢᠯᠭ᠎ᠠ ᠶᠢᠨ ᠶᠣᠰᠣᠯᠠᠯ ᠤᠨ ᠦᠶ᠎ᠡ ᠪᠠᠷ ᠮᠣᠩᠭᠤᠯ ᠤᠯᠤᠰ ᠤᠨ ᠶᠡᠷᠦᠩᠬᠡᠶᠢᠯᠡᠭᠴᠢ ᠶᠢᠨ ᠢᠯᠡᠭᠡᠯᠲᠡ ᠶᠢ ᠲᠥᠷᠦ ᠶᠢᠨ ᠡᠯᠴᠢ᠂ ᠲᠥᠯᠥᠭᠡᠯᠡᠭᠴᠢᠳ ᠤᠨ ᠲᠡᠷᠢᠬᠦᠠ᠂ ᠮᠣᠩᠭᠤᠯ ᠤᠯᠤᠰ ᠤᠨ ᠰᠠᠶᠢᠳ᠂ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠴ᠊ · ᠨᠢᠮᠠᠳᠣᠷᠵᠢ ᠤᠩᠰᠢᠵᠤ ᠰᠤᠨᠤᠷᠲᠠᠭᠤᠯᠤᠯ᠎ᠠ᠃
ᠡᠭᠦᠨ ᠤ ᠳᠠᠷᠠᠭ᠎ᠠ ᠮᠣᠩᠭᠤᠯ ᠤᠯᠤᠰ ᠤᠨ ᠶᠡᠷᠦᠩᠬᠡᠶᠢᠯᠡᠭᠴᠢ ᠶᠢᠨ ᠰᠤᠶᠦᠯ᠂ ᠱᠠᠰᠢᠨ ᠤ ᠪᠣᠳᠣᠯᠭ᠎ᠠ ᠶᠢᠨ ᠵᠥᠪᠯᠡᠬᠦ ᠳ᠋᠊ · ᠪᠤᠮᠠᠸ᠋ᠴᠢᠷ ᠬᠠᠨ  ᠬᠦᠬᠦᠢ ᠬᠠᠶᠢᠷᠬᠠᠨ ᠠᠭᠤᠯᠠ ᠶᠢᠨ ᠲᠩᠷᠢ ᠳᠤ ᠬᠠᠨᠳᠤᠭᠰᠠᠨ ᠠᠶᠢᠯᠠᠳᠬᠠᠯ ᠢ ᠳᠠᠭᠤᠳᠠᠨ ᠰᠣᠨᠣᠰᠬᠠᠵᠤ᠂ ᠲᠤᠷᠭᠠᠠ ᠳᠡᠭᠡᠷ᠎ᠡ ᠪᠢᠴᠢᠭᠰᠡᠨ  ᠡᠬᠡ ᠬᠤᠪᠢ ᠶᠢ ᠤᠪᠰᠤ ᠠᠶᠢᠮᠠᠭ ᠤᠨ ᠮᠦᠽᠧᠢ ᠳᠤ ᠬᠠᠳᠠᠭᠠᠯᠠᠭᠤᠯᠬᠤ ᠪᠠᠷ ᠥᠭᠪᠡ᠃
ᠮᠣᠩᠭᠤᠯ ᠤᠯᠤᠰ ᠤᠨ ᠶᠡᠷᠦᠩᠬᠡᠶᠢᠯᠡᠭᠴᠢ ᠶᠢᠨ 2007 ᠣᠨ ᠤ ᠳᠣᠯᠣᠳᠤᠭᠠᠷ ᠰᠠᠷ᠎ᠠ ᠶᠢᠨ 26 ᠤ ᠡᠳᠦᠷ ᠤᠨ 183 ᠳ᠋ᠤᠭᠠᠷ ᠵᠠᠷᠯᠢᠭ ᠢᠶᠠᠷ ᠬᠠᠨ ᠬᠥᠬᠡᠢ ᠠᠭᠤᠯᠠ ᠶᠢ ᠲᠥᠷᠦ ᠶᠢᠨ ᠲᠠᠬᠢᠯᠭ᠎ᠠ ᠲᠠᠢ ᠪᠣᠯᠭᠤᠭᠠᠭᠰᠠᠨ᠃ ᠡᠭᠦᠨ ᠠᠴᠠ ᠬᠤᠶᠢᠰᠢ 2008᠂ 2012᠂ 2017 ᠣᠨ ᠳᠤ ᠲᠤᠰ ᠲᠤᠰ ᠬᠠᠨ ᠬᠦᠬᠦᠢ ᠠᠭᠤᠯᠠ ᠶᠢᠨ ᠲᠡᠭᠷᠢ ᠶᠢ ᠲᠠᠶᠢᠬᠤ ᠲᠥᠷᠦ ᠶᠢᠨ ᠲᠡᠬᠢᠯᠭ᠎ᠠ ᠶᠢ ᠵᠣᠬᠢᠶᠠᠨ ᠪᠠᠶᠢᠭᠤᠯᠤᠭᠰᠠᠨ ᠶᠤᠮ᠃

ᠰᠡᠳᠬᠢᠭᠳᠡᠯ ᠦᠯᠡᠳᠡᠭᠡᠬᠦ