ᠭᠠᠳᠠᠭᠠᠳᠤ ᠶᠢᠨ ᠠᠶᠠᠯᠠᠭᠴᠢᠳ 3640 ᠺᠢᠯᠣᠮᠧᠲᠷ ᠵᠠᠮ ᠢ 84 ᠬᠤᠨᠤᠭ ᠲᠤ ᠮᠣᠷᠢ ᠪᠠᠷ ᠲᠤᠭᠤᠯᠪᠠ | News.MN

ᠭᠠᠳᠠᠭᠠᠳᠤ ᠶᠢᠨ ᠠᠶᠠᠯᠠᠭᠴᠢᠳ 3640 ᠺᠢᠯᠣᠮᠧᠲᠷ ᠵᠠᠮ ᠢ 84 ᠬᠤᠨᠤᠭ ᠲᠤ ᠮᠣᠷᠢ ᠪᠠᠷ ᠲᠤᠭᠤᠯᠪᠠ

ᠲᠡᠦᠬᠡᠨ ᠳᠠᠬᠢ ᠬᠠᠮᠤᠬ ᠤᠨ ᠤᠷᠲᠤ ᠮᠤᠷᠢᠨ ᠠᠶᠠᠯᠠᠯ ᠪᠣᠯᠬᠤ︽ᠬᠥᠬᠡ ᠴᠢᠨ᠋ᠸ᠎ᠠ ᠶᠢᠨ ᠰᠦᠯᠳᠠ – 2022︾ᠥᠩᠭᠡᠷᠡᠭᠴᠢ ᠲᠠᠪᠤᠳᠤᠭᠠᠷ ᠰᠠᠷ᠎ᠠ ᠶᠢᠨ 2  ᠳᠤ ᠮᠣᠩᠭᠣᠯ ᠤᠨ ᠭᠤᠪᠢ ᠳᠤ ᠡᠬᠢᠯᠡᠭᠰᠡᠨ ᠪᠢᠯᠡ᠃  ᠠᠮᠧᠷᠢᠺᠠ ᠂ ᠺᠠᠨᠠᠳᠠ᠂ ᠠᠦ᠋ᠰᠲᠷᠠᠯᠢᠶ᠎ᠠ᠂ ᠶᠡᠭᠡ  ᠪᠷᠢᠲ᠋ᠠᠨ᠂ ᠨᠢᠳᠧᠷᠯᠠᠨᠳ᠋ ᠤᠯᠤᠰ ᠤᠨ 19 ᠠᠶᠠᠯᠠᠭᠴᠢ 3640 ᠺᠢᠯᠣᠮᠧᠲᠷ ᠵᠠᠮ ᠢ 84 ᠬᠤᠨᠤᠭ ᠲᠤ ᠮᠣᠷᠢ ᠪᠠᠷ ᠲᠤᠭᠤᠯᠤᠨ ᠰᠡᠭᠦᠯ ᠤᠨ ᠴᠡᠭ ᠪᠣᠯᠬᠤ ᠠᠯᠲᠠᠢ ᠲᠠᠪᠤᠨ ᠪᠤᠬᠳᠠ ᠠᠭᠤᠯᠠᠨ ᠳᠤ ᠬᠦᠷᠴᠡᠢ᠃
ᠡᠨᠡ ᠮᠤᠷᠢᠨ ᠠᠶᠠᠯᠠᠯ ᠢ Veloo ᠰᠠᠩ  ᠰᠠᠨᠠᠭᠠᠴᠢᠯᠠᠨ ᠵᠣᠬᠢᠶᠠᠨ ᠪᠠᠶᠢᠭᠤᠯᠤᠭᠰᠠᠨ ᠶᠤᠮ᠃ 84 ᠬᠤᠨᠤᠭ ᠤᠨ ᠬᠤᠭᠤᠴᠠᠭᠠᠨ ᠳᠤ ᠦᠷᠭᠦᠯᠵᠢᠯᠡᠭᠰᠡᠨ ᠬᠠᠨᠳᠢᠪ ᠤᠨ ᠮᠤᠷᠢᠨ ᠠᠶᠠᠯᠠᠯ ᠤᠨ ᠲᠤᠷᠰᠢ 100 ᠮᠢᠩᠭᠠᠨ ᠳ᠋ᠣᠯᠯᠠᠷ ᠪᠣᠰᠬᠠᠵᠤ᠂ ᠲᠤᠰ ᠮᠥᠩᠭᠦ ᠶᠢ ᠥᠨᠥᠴᠢᠨ᠂ ᠡᠮᠵᠡᠭ ᠪᠦᠯᠦᠭ ᠤᠨ ᠬᠡᠦᠬᠡᠳ ᠤᠳ ᠲᠤ ᠲᠤᠰᠠᠯᠠᠬᠤ ᠳᠤ ᠵᠠᠷᠤᠴᠠᠭᠤᠯᠤᠨ᠎ᠠ ᠭᠡᠳᠡᠭ ᠢᠶᠠᠨ ᠮᠡᠳᠡᠭᠳᠡᠭᠰᠡᠨ ᠶᠤᠮ᠃
Veloo ᠰᠠᠩ ᠤᠨ ᠬᠠᠮᠤᠬ ᠤᠨ ᠭᠤᠣᠯ ᠲᠥᠰᠥᠯ ᠪᠣᠯᠬᠤ ᠰᠤᠩᠭᠢᠨᠠᠬᠠᠢᠷᠬᠠᠨ ᠳᠡᠭᠦᠷᠭᠡ ᠳᠦ ᠪᠠᠶᠢᠷᠢᠯᠠᠬᠤ︽ᠨᠠᠷᠠᠨ ᠤ ᠬᠡᠦᠬᠡᠳ ᠤᠳ︾ᠬᠡᠦᠬᠡᠳ ᠤᠨ ᠴᠡᠴᠡᠷᠯᠢᠭ 2013 ᠣᠨ ᠤ ᠶᠢᠰᠦᠳᠦᠭᠡᠷ ᠰᠠᠷ᠎ᠠ ᠠᠴᠠ  ᠲᠣᠭᠲᠠᠪᠤᠷᠢᠲᠠᠶ ᠦᠶᠯᠡ ᠠᠵᠢᠯᠯᠠᠭ᠎ᠠ ᠪᠠᠨ ᠡᠷᠬᠢᠯᠡᠵᠦ ᠪᠤᠢ᠃

ᠰᠡᠳᠬᠢᠭᠳᠡᠯ ᠦᠯᠡᠳᠡᠭᠡᠬᠦ