ᠨᠡᠭᠦᠷᠡᠰᠦᠨ ᠤ ᠡᠺᠰᠫᠣᠷᠲ ᠨᠡᠮᠡᠭᠳᠡᠵᠦ ᠪᠠᠶᠢᠨ᠎ᠡ | News.MN

 ᠨᠡᠭᠦᠷᠡᠰᠦᠨ ᠤ ᠡᠺᠰᠫᠣᠷᠲ ᠨᠡᠮᠡᠭᠳᠡᠵᠦ ᠪᠠᠶᠢᠨ᠎ᠡ

ᠮᠠᠨ ᠤ ᠤᠯᠤᠰ ᠤᠨ ᠨᠡᠭᠦᠷᠡᠰᠦᠨ ᠤ ᠲᠣᠮᠤᠬᠠᠨ ᠺᠣᠮᠫᠠᠨᠢ  ᠪᠣᠯᠬᠤ︽ᠡᠷᠳᠡᠨᠢᠰ ᠲᠠᠪᠤᠨᠲᠤᠯᠤᠭᠠᠢ︾᠂︽ ᠡᠨᠧᠷᠭᠢ ᠷᠧᠰᠦ᠋ᠷᠰ︾ ᠤᠨ ᠠᠭᠤᠷᠬᠠᠢ ᠨᠤᠭᠤᠳ ᠬᠡᠪ ᠤᠨ ᠠᠵᠢᠯᠯᠠᠵᠤ᠂ ᠡᠺᠰᠫᠣᠷᠲ  ᠡᠮᠦᠨᠡᠬᠢ ᠣᠨ ᠤ ᠮᠦᠠ ᠦᠶ᠎ᠡ ᠲᠠᠢ ᠬᠠᠷᠢᠴᠠᠭᠤᠯᠬᠤ ᠳᠤ 3 ᠳᠠᠬᠢᠨ ᠥᠰᠦᠭᠰᠡᠨ ᠦᠵᠡᠭᠦᠯᠦᠯᠲᠡ ᠲᠠᠢ ᠪᠠᠶᠢᠨ᠎ᠡ᠃︽ᠡᠷᠳᠡᠨᠢᠰ ᠲᠠᠪᠤᠨᠲᠤᠯᠤᠭᠠᠢ︾ᠻᠣᠮᠫᠠᠨᠢ ᠡᠨᠡ ᠣᠨ ᠳᠤ 9.3  ᠰᠠᠶ᠎ᠠ ᠲᠣᠨ ᠨᠡᠭᠦᠷᠡᠰᠦ ᠣᠯᠪᠤᠷᠢᠯᠠᠬᠤ ᠪᠠᠷ ᠲᠥᠯᠥᠪᠯᠡᠭᠰᠡᠨ ᠠᠴᠠ ᠥᠨᠥᠳᠥᠷ ᠤᠨ ᠪᠠᠶᠢᠳᠠᠯ ᠢᠶᠠᠷ 1.9  ᠰᠠᠶ᠎ᠠ ᠲᠣᠨ ᠢ ᠭᠠᠷᠭᠠᠭᠠᠳ ᠪᠠᠶᠢᠨ᠎ᠡ᠃

︽ᠡᠨᠧᠷᠭᠢ ᠷᠧᠰᠦ᠋ᠷᠰ︾ᠺᠣᠮᠫᠠᠨᠢ ᠶᠢᠨ ᠬᠤᠪᠢ ᠳᠤ ᠬᠢᠯᠢ᠂ ᠪᠣᠭᠤᠮᠲᠠ ᠶᠢᠨ ᠨᠡᠪᠲᠡᠷᠡᠯᠲᠡ ᠠᠴᠠ ᠰᠢᠯᠲᠠᠭᠠᠯᠠᠵᠤ ᠦᠢᠯᠡᠳᠪᠦᠷᠢ ᠶᠢᠨ ᠬᠦᠴᠦᠨ ᠴᠢᠳᠠᠯ ᠢᠶᠠᠨ 40-50 ᠬᠤᠪᠢ ᠪᠠᠷ ᠠᠰᠢᠭᠯᠠᠵᠤ ᠪᠤᠢ ᠶᠢ ᠮᠡᠳᠡᠭᠡᠯᠡᠯ᠎ᠡ᠃ ᠲᠤᠰ ᠺᠣᠮᠫᠠᠨᠢ ᠶᠢᠨ ᠨᠡᠭᠦᠷᠡᠰᠦ ᠤᠭᠢᠶᠠᠬᠤ ᠦᠢᠯᠡᠳᠪᠦᠷᠢ ᠨᠢ ᠵᠢᠯ ᠳᠤ 15  ᠰᠠᠶ᠎ᠠ ᠲᠤᠨ ᠨᠡᠭᠦᠷᠡᠰᠦ ᠪᠠᠶᠠᠵᠢᠭᠤᠯᠬᠤ ᠬᠦᠴᠦᠨ ᠴᠢᠳᠠᠯ ᠲᠠᠢ ᠪᠥᠭᠡᠳ ᠰᠡᠭᠦᠯ ᠤᠨ 10 ᠵᠢᠯ ᠳᠤ 69.5  ᠰᠠᠶ᠎ᠠ ᠲᠣᠨ ᠨᠡᠭᠦᠷᠡᠰᠦ ᠪᠠᠶᠠᠵᠢᠭᠤᠯᠤᠭᠠᠳ ᠪᠠᠶᠢᠨ᠎ᠡ᠃  ᠵᠢᠯ ᠳᠦ 9-10  ᠰᠠᠶ᠎ᠠ ᠲᠣᠨ ᠨᠡᠭᠦᠷᠡᠰᠦ ᠭᠠᠷᠭᠠᠬᠤ ᠬᠦᠴᠦᠨ ᠴᠢᠳᠠᠯ ᠲᠠᠢ ᠴᠤ ᠬᠢᠯᠢ ᠪᠣᠭᠤᠮᠲᠠ ᠶᠢᠨ ᠨᠡᠪᠲᠡᠷᠡᠯᠲᠡ ᠶᠢᠨ ᠬᠦᠴᠦᠨ ᠴᠢᠳᠡᠯ᠂ ᠬᠤᠳᠠᠯᠳᠤᠭᠠᠨ ᠤ ᠪᠠᠶᠢᠳᠠᠯ ᠠᠴᠠ ᠬᠠᠮᠢᠶᠠᠷᠴᠤ ᠪᠠᠶᠢᠨ᠎ᠡ᠃

ᠰᠡᠳᠬᠢᠭᠳᠡᠯ ᠦᠯᠡᠳᠡᠭᠡᠬᠦ