ᠭᠠᠵᠠᠷ ᠤᠨ ᠲᠣᠰᠤ ᠪᠣᠯᠪᠠᠰᠤᠷᠠᠭᠤᠯᠬᠤ ᠦᠢᠯᠡᠳᠪᠦᠷᠢ ᠶᠢᠨ  ᠶᠠᠪᠤᠴᠠ 63 ᠬᠤᠪᠢ ᠲᠠᠶ ᠪᠠᠶᠢᠨ᠎ᠡ | News.MN

 ᠭᠠᠵᠠᠷ ᠤᠨ ᠲᠣᠰᠤ ᠪᠣᠯᠪᠠᠰᠤᠷᠠᠭᠤᠯᠬᠤ ᠦᠢᠯᠡᠳᠪᠦᠷᠢ ᠶᠢᠨ  ᠶᠠᠪᠤᠴᠠ 63 ᠬᠤᠪᠢ ᠲᠠᠶ ᠪᠠᠶᠢᠨ᠎ᠡ

ᠭᠠᠵᠠᠷ ᠤᠨ ᠲᠣᠰᠤ ᠪᠣᠯᠪᠠᠰᠤᠷᠠᠭᠤᠯᠬᠤ ᠦᠢᠯᠡᠳᠪᠦᠷᠢ ᠨᠢ EPC – 1᠂ 2᠂ 3᠂ 4 ᠭᠡᠰᠡᠨ ᠳᠥᠷᠪᠡᠨ ᠪᠠᠭᠴᠠ ᠲᠥᠰᠥᠯ ᠠᠴᠠ ᠪᠦᠷᠢᠳᠴᠦ ᠪᠤᠶ ᠪᠥᠭᠡᠳ  EPC – 1 ᠲᠥᠰᠥᠯ ᠨᠢ ᠪᠡᠯᠡᠦᠡᠭᠡᠯ ᠠᠵᠢᠯ᠂ ᠵᠢᠷᠤᠭ ᠲᠥᠰᠥᠯ᠂ ᠬᠤᠳᠠᠯᠳᠤᠨ ᠠᠪᠤᠯᠲᠠ᠂ ᠪᠠᠷᠢᠯᠭ᠎ᠠ ᠤᠭᠰᠠᠷᠠᠯᠲᠠ ᠭᠡᠰᠡᠨ ᠦᠨᠳᠦᠰᠦᠨ 4 ᠲᠥᠯᠥᠪᠯᠡᠯᠲᠡ ᠲᠠᠢ᠂ ᠲᠥᠰᠥᠯ ᠤᠨ ᠨᠡᠶᠢᠲᠡ ᠶᠠᠪᠤᠴᠠ 63 %   ᠶᠢᠨ ᠭᠦᠢᠴᠡᠳᠬᠡᠯ ᠲᠠᠢ ᠪᠠᠶᠢᠨ᠎ᠡ᠃ EPC – 2 ᠤᠨ ᠶᠡᠷᠦᠩᠬᠡᠶ ᠭᠦᠢᠴᠡᠳᠬᠡᠭᠴᠢ ᠶᠢ ᠰᠣᠩᠭᠤᠨ ᠰᠢᠯᠭᠠᠷᠠᠭᠤᠯᠬᠤ ᠲᠦᠷᠭᠡᠪᠴᠢᠯᠡᠭᠰᠡᠨ ᠲᠧᠨᠳᠧᠷ ᠢ 2022.06.06 ᠤ ᠡᠳᠦᠷ ᠵᠠᠷᠯᠠᠭᠰᠠᠨ ᠪᠠ 2022.08.16 ᠤ ᠡᠳᠦᠷ ᠲᠧᠨᠳᠧᠷ ᠬᠦᠯᠢᠶᠡᠨ ᠠᠪᠤᠨ᠎ᠠ᠃
ᠦᠢᠯᠡᠳᠪᠦᠷᠢ ᠶᠢᠨ ᠴᠠᠬᠢᠯᠭᠠᠨ ᠰᠲ᠋ᠠᠨᠼ ᠤᠨ ᠠᠵᠢᠯ EPC – 3 ᠶᠢᠨ ᠶᠡᠷᠦᠩᠬᠡᠶ ᠭᠦᠢᠴᠡᠳᠬᠡᠭᠴᠢ ᠶᠢ ᠰᠣᠩᠭᠤᠨ ᠰᠢᠯᠭᠠᠷᠠᠭᠤᠯᠬᠤ ᠲᠦᠷᠭᠡᠪᠴᠢᠯᠡᠭᠰᠡᠨ ᠲᠧᠨᠳᠧᠷ ᠢ 2022.05.04  ᠨᠢ ᠡᠳᠦᠷ ᠵᠠᠷᠯᠠᠭᠰᠠᠨ ᠪᠠ 2022.07.04  ᠨᠢ ᠡᠳᠦᠷ ᠲᠧᠨᠳᠧᠷ ᠬᠦᠯᠢᠶᠡᠨ ᠠᠪᠬᠤ ᠪᠠᠷ ᠠᠵᠢᠯᠯᠠᠵᠤ ᠪᠠᠶᠢᠨ᠎ᠡ᠃
EPC – 4   ᠶᠢᠨ ᠯᠢᠼᠧᠨ᠋ᠽ ᠡᠵᠡᠮᠰᠢᠭᠴᠢᠳ ᠢ ᠰᠢᠯᠭᠠᠷᠠᠭᠤᠯᠤᠭᠰᠠᠨ᠃ ᠤᠰᠤᠲᠥ᠋ᠷᠥᠭᠴᠢ ᠶᠢᠨ ᠪᠠᠶᠢᠭᠤᠯᠤᠮᠵᠢ ᠶᠢᠨ ᠯᠢᠼᠧᠨ᠋ᠽ ᠡᠵᠡᠮᠰᠢᠭᠴᠢ ᠢᠲ᠋ᠡᠯᠢ ᠤᠯᠤᠰ ᠤᠨ ᠺᠣᠮᠫᠠᠨᠢ ᠂ ᠬᠦᠬᠦᠷ ᠢᠯᠭᠠᠬᠤ ᠪᠠᠶᠢᠭᠤᠯᠤᠮᠵᠢ ᠶᠢᠨ ᠯᠢᠼᠧᠨ᠋ᠽ ᠡᠵᠡᠮᠰᠢᠭᠴᠢ ᠹᠷᠠᠨᠼᠢ ᠤᠯᠤᠰ ᠤᠨ ᠻᠣᠮᠫᠠᠨᠢ᠂ ᠪᠧᠨ᠋ᠽᠢᠨ᠂ ᠳ᠋ᠢᠽᠧᠯ ᠪᠣᠯᠪᠠᠰᠤᠷᠠᠭᠤᠯᠬᠤ᠂ ᠰᠢᠩᠭᠡᠷᠡᠭᠦᠯᠦᠭᠰᠡᠨ ᠰᠢᠲᠠᠳᠠᠭ ᠬᠡᠢ ᠢᠯᠭᠠᠬᠤ ᠪᠠᠶᠢᠭᠤᠯᠤᠮᠵᠢ ᠨᠤᠭᠤᠳ ᠦᠨ ᠯᠢᠼᠧᠨ᠋ᠽ ᠡᠵᠡᠮᠰᠢᠭᠴᠢ  ᠠᠮᠧᠷᠢᠺᠠ ᠶᠢᠨ ᠺᠣᠮᠫᠠᠨᠢ ᠲᠠᠢ ᠭᠡᠷ᠎ᠡ ᠶᠢ ᠲᠤᠰ ᠲᠤᠰ ᠪᠠᠶᠢᠭᠤᠯᠤᠭᠠᠳ ᠪᠠᠶᠢᠨ᠎ᠡ᠃

ᠰᠡᠳᠬᠢᠭᠳᠡᠯ ᠦᠯᠡᠳᠡᠭᠡᠬᠦ