ᠤᠪᠰᠤ ᠠᠶᠢᠮᠠᠭ  ᠲᠤ ᠲᠠᠷᠪᠠᠭᠠᠨ ᠲᠠᠬᠤᠯ ᠤᠨ ᠡᠷᠡᠰᠳᠡᠯ ᠦᠡᠳᠦᠷ ᠪᠠᠶᠢᠭ᠎ᠠ ᠶᠢ ᠲᠣᠭᠲᠠᠭᠠᠵᠠᠢ | News.MN

ᠤᠪᠰᠤ ᠠᠶᠢᠮᠠᠭ  ᠲᠤ ᠲᠠᠷᠪᠠᠭᠠᠨ ᠲᠠᠬᠤᠯ ᠤᠨ ᠡᠷᠡᠰᠳᠡᠯ ᠦᠡᠳᠦᠷ ᠪᠠᠶᠢᠭ᠎ᠠ ᠶᠢ ᠲᠣᠭᠲᠠᠭᠠᠵᠠᠢ

ᠤᠪᠰᠤ ᠠᠶᠢᠮᠠᠭ ᠤᠨ ᠪᠥᠬᠡᠮᠥ᠋ᠷᠡᠨ᠂ ᠰᠠᠭᠢᠯ ᠰᠤᠮᠤᠨ ᠤ ᠬᠢᠯᠢ ᠣᠷᠴᠢᠮ ᠤᠨ ᠨᠤᠲᠤᠭ ᠲᠤ ᠲᠠᠷᠪᠠᠭᠠᠨ ᠲᠠᠬᠤᠯ ᠤᠨ ᠪᠠᠶᠢᠭᠠᠯᠢ ᠶᠢᠨ ᠭᠤᠯᠣᠮᠲᠠ ᠶᠢᠨ ᠲᠠᠩᠳᠠᠯᠲᠠ ᠰᠤᠳᠤᠯᠭ᠎ᠠ ᠶᠢ ᠵᠢᠷᠭᠤᠳᠤᠭᠠᠷ ᠰᠠᠷ᠎ᠠ ᠶᠢᠨ 29 ᠠᠴᠠ ᠡᠨᠡ ᠰᠠᠷ᠎ᠠ ᠶᠢᠨ 14 ᠤ ᠬᠤᠭᠤᠷᠦᠡᠳᠦ ᠬᠢᠵᠡᠢ᠃
ᠰᠢᠨᠵᠢᠯᠡᠭᠡᠨ ᠳᠤ 14  ᠴᠡᠭ ᠲᠤ 162.000 ᠭᠠ ᠲᠠᠯᠠᠪᠠᠢ ᠶᠢ ᠬᠠᠮᠤᠷᠤᠭᠤᠯᠤᠭᠰᠠᠨ᠃ ᠲᠠᠩᠳᠠᠯᠲᠠ ᠰᠤᠳᠤᠯᠭᠠᠨ ᠤ ᠦᠷ᠎ᠡ ᠳ᠋ᠦᠩ ᠳᠤ ᠲᠠᠷᠪᠠᠭᠠᠨ ᠲᠠᠬᠤᠯ ᠤᠨ ᠡᠭᠦᠰᠬᠡᠭᠴᠢ ᠢᠯᠡᠷᠡᠵᠦ᠂  ᠲᠠᠷᠬᠠᠪᠤᠷᠢ ᠰᠤᠳᠤᠯᠤᠯ ᠤᠨ ᠡᠷᠡᠰᠳᠡᠯ ᠡᠭᠦᠰᠬᠦ ᠮᠠᠭᠠᠳᠯᠠᠯ ᠲᠠᠢ ᠪᠠᠶᠢᠭ᠎ᠠ ᠶᠢ ᠲᠣᠭᠲᠠᠭᠠᠯ᠎ᠠ᠃ ᠮᠦᠠ ᠬᠥᠮᠦᠨ ᠠᠮᠠ ᠳᠤ ᠲᠠᠷᠪᠠᠭᠠᠨ ᠲᠠᠬᠤᠯ ᠡᠪᠡᠳᠴᠢᠨ ᠤ ᠲᠠᠯ᠎ᠠ ᠪᠠᠷ ᠬᠢ ᠮᠡᠳᠡᠯᠭᠡ᠂ ᠳᠠᠳᠤᠯ᠂ ᠬᠠᠨᠳᠤᠯᠭ᠎ᠠ᠂ ᠤᠭ ᠡᠪᠡᠳᠴᠢᠨ ᠳᠤ ᠦᠷᠲᠦᠬᠦ ᠡᠷᠡᠰᠳᠡᠯ ᠤᠨ ᠰᠤᠷᠭᠠᠯᠲᠠ ᠶᠠᠷᠢᠶ᠎ᠠ ᠬᠢᠵᠦ᠂ ᠨᠡᠶᠢᠲᠡ 4 ᠲᠥᠷᠥᠯ ᠤᠨ ᠰᠠᠨᠠᠮᠵᠢ ᠮᠠᠲ᠋ᠧᠷᠢᠶᠠᠯ ᠲᠠᠷᠬᠠᠭᠠᠵᠤ ᠠᠵᠢᠯᠯᠠᠪᠠ᠃

ᠰᠡᠳᠬᠢᠭᠳᠡᠯ ᠦᠯᠡᠳᠡᠭᠡᠬᠦ