︽ᠮᠣᠩᠭᠤᠯ ᠨᠠᠭᠠᠳᠤᠮ︾ᠬᠥᠰᠢᠶ᠎ᠡ ᠪᠠᠷᠢᠵᠤ ᠪᠠᠢᠨ᠎ᠠ | News.MN

︽ᠮᠣᠩᠭᠤᠯ ᠨᠠᠭᠠᠳᠤᠮ︾ᠬᠥᠰᠢᠶ᠎ᠡ ᠪᠠᠷᠢᠵᠤ ᠪᠠᠢᠨ᠎ᠠ

ᠦᠵᠡᠰᠬᠦᠯᠡᠩᠲᠦ ᠪᠤᠬᠳᠠ ᠬᠠᠨ ᠠᠭᠤᠯᠠᠨ ᠤ ᠪᠡᠯ᠂ ᠲᠤᠨᠤᠯᠵᠠᠨ ᠤᠷᠤᠰᠬᠤ ᠬᠠᠲᠤᠨ ᠲᠤᠤᠯᠠ ᠶᠢᠨ ᠬᠥᠪᠡᠭᠡᠨ ᠳᠠᠬᠢ ᠵᠦᠯᠭᠡᠲᠦ ᠨᠣᠭᠤᠭᠠᠨ ᠳᠠᠨᠵᠢ ᠳᠡᠭᠡᠷ᠎ᠡ 1922-1924 ᠣᠨ ᠳᠤ ᠠᠷᠠᠳ ᠤᠨ ᠬᠤᠪᠢᠰᠬᠠᠯ ᠤᠨ ᠣᠢ  ᠶᠢᠨ ᠪᠡᠶᠡᠷ ᠨᠠᠭᠠᠳᠤᠮ ᠢ︽ᠴᠡᠷᠢᠭ ᠤᠨ ᠪᠡᠶᠡᠷ︾ᠨᠡᠷ᠎ᠡ ᠶᠢᠨ ᠳᠤᠤᠷ᠎ᠠ ᠲᠡᠮᠳᠡᠭᠯᠡᠳᠡᠭ ᠪᠠᠶᠢᠭᠰᠠᠨ ᠪᠠ 1925 ᠣᠨ ᠠᠴᠠ ᠡᠬᠢᠯᠡᠨ ᠠᠷᠠᠳ ᠤᠨ ᠬᠤᠪᠢᠰᠬᠠᠯ ᠤᠨ ᠣᠢ ᠶᠢᠨ ᠪᠡᠶᠡᠷ ᠨᠠᠭᠠᠳᠤᠮ ᠬᠡᠮᠡᠨ ᠨᠡᠷᠡᠯᠡᠵᠦ ᠢᠷᠡᠭᠰᠡᠨ ᠪᠠᠶᠢᠨ᠎ᠡ᠃ 1958 ᠣᠨ ᠳᠤ ᠲᠥᠪ ᠴᠡᠩᠭᠡᠯᠳᠦᠬᠦ ᠬᠦᠷᠢᠶᠡᠯᠡᠩ ᠠᠰᠢᠭᠯᠠᠯᠲᠠ ᠳᠤ ᠣᠷᠣᠬᠤ ᠬᠦᠷᠳᠡᠯ᠎ᠠ ᠵᠢᠯ ᠪᠦᠷᠢ ᠡᠨᠡ ᠳᠠᠨᠵᠢ ᠳᠡᠭᠡᠷ᠎ᠡ ᠠᠷᠠᠳ ᠤᠨ ᠬᠤᠪᠢᠰᠬᠠᠯ ᠤᠨ ᠪᠡᠶᠡᠷ ᠨᠠᠭᠠᠳᠤᠮ ᠢ ᠬᠢᠵᠦ ᠪᠠᠶᠢᠭᠰᠠᠨ ᠪᠥᠭᠡᠳ 2000 ᠣᠨ ᠤ ᠡᠬᠢ ᠪᠠᠷ ᠬᠤᠷᠳᠦᠠ ᠮᠣᠷᠢᠨ ᠤ ᠤᠷᠤᠯᠳᠤᠭᠠᠨ ᠢ ᠬᠦᠢ ᠳᠣᠯᠤᠭᠠᠨ ᠬᠤᠳᠳᠤᠭ ᠲᠤ ᠬᠢᠳᠡᠭ ᠪᠣᠯᠬᠤ ᠬᠦᠷᠳᠡᠯ᠎ᠠ  ᠡᠨᠡ ᠬᠦ ᠳᠠᠨᠵᠢ ᠳᠡᠭᠡᠷ᠎ᠡ ᠬᠤᠷᠳᠦᠠ ᠬᠦᠯᠦᠭ ᠤᠳ ᠤᠨ ᠪᠠᠷᠢᠶᠠᠨ ᠤ ᠭᠠᠵᠠᠷ ᠪᠠᠶᠢᠭᠰᠠᠨ ᠲᠡᠦᠬᠡᠲᠡᠢ ᠪᠢᠯᠡ᠃
ᠡᠨᠡ ᠬᠦ ᠠᠷᠢᠭᠤᠨ ᠳᠠᠭᠰᠢᠨ ᠭᠠᠵᠠᠷ ᠢ ᠬᠦᠨᠳᠦᠳᠬᠡᠨ ᠬᠠᠭᠤᠴᠢᠠ ᠨᠠᠭᠠᠳᠤᠮ ᠤᠨ ᠳᠠᠨᠵᠢ ᠳᠡᠭᠡᠷ᠎ᠡ︽ᠮᠣᠩᠭᠤᠯ ᠨᠠᠭᠠᠳᠤᠮ︾ᠬᠥᠰᠢᠶ᠎ᠡ ᠶᠢ ᠸᠴᠢᠷᠪᠤᠯᠤᠳ ᠤᠷᠠᠨ ᠪᠠᠷᠢᠮᠠᠯᠴᠢ ᠪᠦᠲᠦᠭᠡᠵᠦ ᠪᠠᠶᠢᠨ᠎ᠡ᠃ 2022 ᠣᠨ ᠤ 7 ᠰᠠᠷ᠎ᠠ ᠶᠢᠨ 8 ᠤ ᠪᠢᠯᠢᠭᠲᠦ ᠰᠠᠶᠢᠨ ᠡᠳᠦᠷ ᠬᠥᠰᠢᠶᠡᠨ ᠤ ᠱᠠᠪ ᠲᠠᠯᠪᠢᠬᠤ ᠶᠣᠰᠣᠯᠠᠯ ᠠᠮᠵᠢᠯᠲᠠᠲᠠᠶ ᠪᠣᠯᠣᠯ᠎ᠠ᠃ ᠤᠷᠠᠨ ᠪᠦᠲᠦᠭᠡᠯᠴᠢ ᠮᠠᠨᠢ︽ᠤᠬᠠᠮᠰᠠᠷ︾᠂︽ᠠᠨᠳᠠᠯᠠᠯ ᠤᠨ ᠬᠥᠰᠢᠶ᠎ᠡ︾᠂︽ᠤᠯᠠᠭᠠᠨ ᠬᠤᠢ︾ᠭᠡᠬᠦ ᠮᠡᠲᠦ ᠣᠯᠠᠨ ᠪᠦᠲᠦᠭᠡᠯ ᠢᠶᠠᠷ ᠢᠶᠠᠨ ᠮᠣᠩᠭᠤᠯ ᠳᠠᠭᠠᠨ ᠲᠡᠳᠦᠢ ᠦᠭᠡᠢ ᠣᠯᠠᠨ ᠤᠯᠤᠰ ᠲᠤ ᠲᠠᠨᠢᠭᠳᠠᠭᠰᠠᠨ  ᠶᠤᠮ᠃

ᠰᠡᠳᠬᠢᠭᠳᠡᠯ ᠦᠯᠡᠳᠡᠭᠡᠬᠦ