ᠷᠢᠴᠠᠷᠳ᠋ ᠯᠢ ᠪᠤᠩᠭᠠᠨ᠄ ᠮᠣᠩᠭᠣᠯ  ᠤᠯᠤᠰ ᠲᠤ ᠲᠤᠰᠠᠯᠠᠬᠤ ᠳᠤ ᠪᠡᠯᠡᠨ ᠪᠠᠶᠢᠨ᠎ᠡ | News.MN

ᠷᠢᠴᠠᠷᠳ᠋ ᠯᠢ ᠪᠤᠩᠭᠠᠨ᠄ ᠮᠣᠩᠭᠣᠯ  ᠤᠯᠤᠰ ᠲᠤ ᠲᠤᠰᠠᠯᠠᠬᠤ ᠳᠤ ᠪᠡᠯᠡᠨ ᠪᠠᠶᠢᠨ᠎ᠡ

ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ ᠪᠠᠢᠳᠧᠨ ᠵᠠᠰᠠᠭ ᠵᠠᠬᠢᠷᠭᠠᠨ ᠤ ᠪᠠᠨ ᠭᠤᠣᠯ ᠠᠯᠪᠠᠨ ᠲᠤᠰᠢᠶᠠᠯ ᠤᠳ ᠲᠤ ᠨᠡᠷ᠎ᠡ ᠳᠡᠪᠰᠢᠭᠴᠢᠳ ᠢ ᠵᠠᠷᠯᠠᠭᠰᠠᠨ ᠪᠥᠭᠡᠳ ᠮᠣᠩᠭᠤᠯ ᠤᠯᠤᠰ ᠲᠤ ᠰᠠᠭᠤᠬᠤ ᠣᠨᠴᠠ ᠪᠥᠭᠡᠳ ᠪᠦᠷᠢᠠ ᠡᠷᠬᠡᠲᠦ ᠡᠯᠴᠢᠨ ᠰᠠᠶᠢᠳ ᠲᠤ ᠨᠣᠶᠠᠨ ᠷᠢᠴᠠᠷᠳ᠋ ᠯᠢ ᠪᠤᠩᠭᠠᠨ ᠨᠡᠷ᠎ᠡ ᠳᠡᠪᠰᠢᠭᠰᠡᠨ ᠲᠠᠯ᠎ᠠ ᠪᠠᠷ ᠴᠡᠭᠠᠠ ᠣᠷᠳᠣᠨ ᠮᠡᠳᠡᠭᠡᠯᠡᠭᠰᠡᠨ ᠶᠤᠮ᠃
ᠷᠢᠴᠠᠷᠳ᠋ ᠯᠢ ᠪᠤᠩᠭᠠᠨ  ᠨᠢ ᠭᠠᠳᠠᠭᠠᠳᠤ ᠬᠠᠷᠢᠯᠴᠠᠭᠠᠨ ᠤ ᠠᠯᠪᠠᠨ ᠤ ᠠᠬᠠᠯᠠᠬᠤ ᠠᠵᠢᠯᠲᠠᠨ᠂ ᠰᠠᠶᠢᠳ ᠵᠥᠪᠯᠡᠬᠦ ᠵᠡᠷᠭᠡ ᠲᠠᠢ᠃ ᠡᠳᠦᠭᠡ ᠲᠥᠷᠦ ᠶᠢᠨ ᠳ᠋ᠧᠫᠠᠷᠲ᠋ᠠᠮᠧᠨ᠋ᠲ ᠤᠨ ᠣᠯᠠᠨ ᠨᠡᠶᠢᠲᠡ ᠲᠠᠢ ᠬᠠᠷᠢᠯᠴᠠᠬᠤ ᠲᠣᠪᠴᠢᠶᠠᠨ ᠤ ᠶᠡᠷᠦᠩᠬᠡᠶ ᠨᠡᠷᠢᠠ ᠪᠢᠴᠢᠭ ᠤᠨ ᠳᠠᠷᠤᠭ᠎ᠠ ᠶᠢᠨ ᠲᠤᠰᠠᠯᠠᠬᠤ ᠶᠢᠨ ᠣᠷᠣᠯᠠᠭᠴᠢ ᠪᠠᠷ ᠠᠵᠢᠯᠯᠠᠵᠤ ᠪᠤᠶ᠃ ᠡᠭᠦᠨ ᠠᠴᠠ ᠡᠮᠦᠨ᠎ᠡ ᠲᠡᠷᠡ ᠪᠠᠷ ᠵᠡᠭᠦᠨ ᠠᠽᠢᠶ᠎ᠠ ᠨᠤᠮᠦᠬᠠᠠ ᠳᠠᠯᠠᠢ ᠶᠢᠨ ᠠᠰᠠᠭᠤᠳᠠᠯ ᠡᠷᠬᠢᠯᠡᠭᠰᠡᠨ ᠲᠣᠪᠴᠢᠶᠠᠨ ᠤ ᠳᠡᠳ᠋ ᠨᠡᠷᠢᠠ ᠪᠢᠴᠢᠭ ᠤᠨ ᠳᠠᠷᠤᠭ᠎ᠠ ᠶᠢᠨ ᠲᠤᠰᠠᠯᠠᠬᠤ᠂ ᠲᠥᠷᠦ ᠶᠢᠨ ᠨᠡᠷᠢᠠ ᠪᠢᠴᠢᠭ ᠤᠨ ᠳᠠᠷᠤᠭ᠎ᠠ ᠶᠢᠨ ᠲᠤᠰᠠᠯᠠᠬᠤ ᠪᠠᠷ ᠠᠵᠢᠯᠯᠠᠵᠤ ᠪᠠᠶᠢᠵᠠᠢ᠃ ᠢᠰᠷᠧᠯ ᠤᠯᠤᠰ ᠤᠨ ᠶᠧᠷᠦᠰᠯᠠᠮ ᠳᠠᠬᠢ ᠡᠯᠴᠢᠨ ᠰᠠᠢᠳ ᠤᠨ ᠶᠠᠮᠤᠨ ᠤ ᠣᠯᠠᠨ ᠨᠡᠶᠢᠲᠡ ᠲᠠᠢ ᠬᠠᠷᠢᠯᠴᠠᠬᠤ ᠠᠯᠪᠠᠨ ᠤ ᠳᠠᠷᠤᠭ᠎ᠠ᠂ ᠳᠠᠷᠠᠭ᠎ᠠ ᠨᠢ  ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠪᠡᠭᠡᠵᠢᠩ ᠬᠤᠳᠠ ᠳᠠᠬᠢ ᠠᠮᠧᠷᠢᠺᠠ ᠶᠢᠨ ᠨᠢᠭᠡᠳᠦᠭᠰᠡᠨ ᠤᠯᠤᠰ  ᠤᠨ ᠡᠯᠴᠢᠨ ᠰᠠᠢᠳ ᠤᠨ ᠶᠠᠮᠤᠨ ᠤ ᠬᠡᠪᠯᠡᠯ ᠤᠨ ᠲᠥᠯᠥᠭᠡᠯᠡᠭᠴᠢ ᠪᠠᠷ ᠠᠵᠢᠯᠯᠠᠵᠤ ᠪᠠᠶᠢᠭᠰᠠᠨ ᠲᠤᠷᠰᠢᠯᠭ᠎ᠠ ᠲᠠᠢ᠃ ᠲᠡᠷᠡ ᠲᠧᠾᠠᠰ ᠮᠤᠵᠢ ᠶᠢᠨ ᠰᠧᠨᠲ ᠡᠳ᠋ᠸᠠᠷᠳ᠋ ᠤᠨ ᠶᠡᠭᠡ ᠰᠤᠷᠭᠠᠭᠤᠯᠢ ᠠᠴᠠ ᠲᠡᠭᠦᠰᠦᠭᠰᠡᠨ᠃ ᠠᠩᠭ᠍ᠯᠢ᠂ ᠬᠢᠲᠠᠳ᠂ ᠹᠷᠠᠨᠼᠢ᠂ ᠢᠰᠫᠡᠨᠢ ᠬᠡᠯᠡ ᠪᠠᠷ ᠶᠠᠷᠢᠳᠠᠭ᠃
ᠠᠮᠧᠷᠢᠺᠠ ᠶᠢᠨ ᠰᠧᠨᠠᠲ ᠤᠨ ᠭᠠᠳᠠᠭᠠᠳᠤ ᠬᠠᠷᠢᠯᠴᠠᠭᠠᠨ ᠤ ᠬᠤᠷᠢᠶᠠᠨ ᠠᠴᠠ ᠡᠯᠴᠢᠨ ᠰᠠᠶᠢᠳ ᠢᠶᠠᠷ ᠲᠣᠮᠢᠯᠠᠭᠳᠠᠬᠤ ᠭᠡᠵᠦ ᠪᠤᠶ ᠷᠢᠴᠠᠷᠳ᠋ ᠯᠢ ᠪᠤᠩᠭᠠᠨ ᠲᠡᠷᠢᠭᠦᠲᠡᠢ ᠨᠡᠷ᠎ᠡ ᠳᠡᠪᠰᠢᠭᠴᠢᠳ ᠤᠨ ᠬᠢᠬᠦ ᠠᠵᠢᠯ ᠤᠨ ᠲᠠᠶᠢᠯᠤᠨ ᠢ ᠰᠣᠨᠣᠰᠴᠤ᠂ ᠬᠠᠷᠢᠭᠤᠯᠲᠠ ᠠᠪᠴᠠᠢ᠃ ᠨᠣᠶᠠᠨ ᠷᠢᠴᠠᠷᠳ᠋ ᠯᠢ ᠪᠤᠩᠭᠠᠨ ᠦ ᠢᠯᠡᠳᠬᠡᠯ ᠢ ᠪᠦᠷᠢᠠ ᠡᠬᠡ ᠪᠠᠷ ᠨᠢ ᠣᠷᠴᠢᠭᠤᠯᠤᠨ ᠬᠦᠷᠭᠡᠵᠦ ᠪᠠᠶᠢᠨ᠎ᠡ᠃
ᠮᠣᠩᠭᠤᠯ ᠤᠯᠤᠰ ᠲᠤ ᠰᠠᠭᠤᠬᠤ ᠡᠯᠴᠢᠨ ᠰᠠᠶᠢᠳ ᠢᠶᠠᠷ ᠠᠵᠢᠯᠯᠠᠭᠤᠯᠬᠤ ᠪᠠᠷ ᠨᠡᠷ᠎ᠡ ᠳᠡᠪᠰᠢᠭᠦᠯᠦᠭᠰᠡᠨ ᠳᠤ ᠭᠦᠨ᠎ᠡ ᠲᠠᠯᠠᠷᠬᠠᠵᠤ ᠪᠠᠶᠢᠨ᠎ᠡ᠃ ᠶᠡᠷᠦᠩᠬᠡᠶᠢᠯᠡᠭᠴᠢ ᠪᠠᠢᠳᠧᠨ ᠪᠤᠯᠦᠠ ᠨᠡᠷᠢᠠ ᠪᠢᠴᠢᠭ ᠤᠨ ᠳᠠᠷᠤᠭ᠎ᠠ ᠨᠠᠷ ᠨᠠᠳᠠ ᠳᠤ ᠡᠨᠡ ᠴᠢᠬᠤᠯᠠ ᠡᠭᠦᠷᠭᠡ ᠬᠠᠷᠢᠭᠤᠴᠠᠯᠭ᠎ᠠ ᠶᠢ ᠬᠦᠯᠢᠶᠡᠯᠭᠡᠵᠦ ᠥᠭᠭᠦᠭᠰᠡᠨ ᠳᠤ ᠲᠠᠯᠠᠷᠬᠠᠵᠤ ᠪᠤᠶ᠃ ᠬᠡᠷᠪᠡ ᠪᠢ  ᠡᠨᠡ ᠬᠦ ᠠᠯᠪᠠᠨ ᠳᠤ ᠲᠣᠮᠢᠯᠠᠭᠳᠠᠪᠠᠯ ᠮᠣᠩᠭᠤᠯ  ᠤᠯᠤᠰ ᠲᠡᠬᠢ ᠠᠮᠧᠷᠢᠺᠠ ᠶᠢᠨ ᠨᠢᠭᠡᠳᠦᠭᠰᠡᠨ ᠤᠯᠤᠰ  ᠤᠨ ᠲᠡᠷᠢᠭᠦᠯᠡᠬᠦ ᠴᠢᠭᠯᠡᠯ ᠢ ᠠᠬᠢᠭᠤᠯᠬᠤ᠂ ᠬᠤᠶᠠᠷ ᠲᠠᠯ᠎ᠠ ᠶᠢᠨ ᠲᠦᠩᠰᠢᠯᠡᠯ ᠢᠶᠠᠨ ᠤᠯᠠᠮ ᠪᠠᠬᠢᠵᠢᠭᠦᠯᠬᠦ ᠪᠠᠷ ᠨᠢᠬᠳᠠ ᠬᠠᠮᠲᠤᠷᠠᠨ ᠠᠵᠢᠯᠯᠠᠬᠤ ᠪᠠᠨ ᠲᠡᠰᠦᠨ ᠶᠠᠳᠠᠨ ᠬᠦᠯᠢᠶᠡᠵᠦ ᠪᠠᠶᠢᠨ᠎ᠡ᠃
ᠺᠣᠨ᠋ᠭ᠍ᠷᠧᠰᠰ ᠭᠠᠳᠠᠭᠠᠳᠤ ᠪᠣᠳᠣᠯᠭ᠎ᠠ ᠶᠢᠨ ᠦᠶᠯᠡ ᠶᠠᠪᠤᠴᠠ ᠳᠤ ᠴᠢᠬᠤᠯᠠ ᠠᠴᠢ ᠬᠤᠯᠪᠣᠭᠳᠠᠯ ᠥᠭᠴᠦ ᠪᠤᠢ ᠳᠤ ᠪᠢ ᠭᠦᠨ᠎ᠡ ᠲᠠᠯᠠᠷᠬᠠᠵᠤ ᠪᠠᠶᠢᠨ᠎ᠡ᠃ ᠬᠡᠷᠪᠡ ᠪᠢ ᠲᠣᠮᠢᠯᠠᠭᠳᠠᠪᠠᠯ ᠤᠯᠠᠭᠠᠨᠪᠠᠭᠠᠲᠤᠷ  ᠲᠡᠬᠢ ᠮᠠᠨ ᠤ ᠡᠯᠴᠢᠨ ᠰᠠᠢᠳ ᠤᠨ ᠶᠠᠮᠤᠨ ᠤ ᠪᠠᠭ ᠬᠠᠮᠲᠤ ᠣᠯᠠᠨ᠂ ᠮᠦᠠ ᠮᠣᠩᠭᠣᠯ ᠤᠨ ᠠᠷᠡᠦᠠ ᠲᠦᠮᠡᠨ ᠲᠠᠢ ᠣᠯᠠᠨ ᠵᠢᠯ ᠤᠨ ᠲᠤᠷᠰᠢ ᠭᠦᠨ ᠬᠦᠡᠵᠡᠭᠡᠢ᠂  ᠲᠤᠤᠱᠲᠠᠢ ᠬᠠᠷᠢᠯᠴᠠᠭ᠎ᠠ ᠲᠠᠢ ᠪᠠᠶᠢᠭᠰᠠᠨ ᠤ ᠭᠤᠣᠯ ᠵᠡᠩᠬᠢᠯᠠᠭ᠎ᠠ ᠪᠣᠯᠣᠭᠰᠠᠨ ᠠᠮᠧᠷᠢᠺᠡ ᠬᠠᠮᠲᠤᠷᠠᠨ ᠠᠵᠢᠯᠯᠠᠭᠰᠠᠳ ᠪᠤᠯᠦᠠ ᠣᠷᠣᠨ ᠨᠤᠲᠤᠭ ᠲᠤ ᠠᠵᠢᠯᠯᠠᠳᠠᠭ ᠮᠣᠩᠭᠤᠯ  ᠠᠵᠢᠯᠲᠠᠳ ᠲᠠᠢ ᠪᠠᠨ ᠬᠠᠮᠲᠤᠷᠠᠨ ᠠᠵᠢᠯᠯᠠᠬᠤ ᠶᠢ ᠲᠡᠰᠦᠨ ᠶᠠᠳᠠᠨ ᠬᠦᠯᠢᠶᠡᠵᠦ ᠪᠠᠶᠢᠨ᠎ᠡ᠃
ᠡᠨᠡ ᠵᠢᠯ ᠮᠣᠩᠭᠤᠯ ᠤᠯᠤᠰ ᠲᠠᠢ ᠳ᠋ᠢᠫᠯᠤᠮᠠᠲ ᠬᠠᠷᠢᠯᠴᠠᠭ᠎ᠠ ᠲᠣᠭᠲᠠᠭᠠᠭᠰᠠᠨ ᠤ 35 ᠵᠢᠯ ᠤᠨ ᠣᠶ ᠲᠣᠬᠢᠶᠠᠵᠤ ᠪᠠᠶᠢᠨ᠎ᠡ᠃ ᠠᠷᠠᠳᠴᠢᠯᠠᠯ ᠳᠤ ᠲᠠᠶᠢᠪᠤᠩ ᠵᠠᠮ ᠢᠶᠠᠷ ᠰᠢᠯᠵᠢᠭᠰᠡᠨ ᠠᠴᠠ ᠬᠤᠶᠢᠰᠢ 30 ᠵᠢᠯ ᠤᠨ ᠬᠢᠨᠢ ᠬᠤᠭᠤᠴᠠᠭᠠᠨ ᠳᠤ  ᠠᠮᠧᠷᠢᠺᠠ ᠶᠢᠨ ᠨᠢᠭᠡᠳᠦᠭᠰᠡᠨ ᠤᠯᠤᠰ ᠮᠣᠩᠭᠤᠯ ᠤᠯᠤᠰ ᠲᠠᠢ ᠨᠢᠬᠳᠠ ᠬᠠᠮᠲᠤᠷᠠᠨ ᠠᠵᠢᠯᠯᠠᠵᠤ᠂ ᠠᠷᠠᠳᠴᠢᠯᠠᠯ ᠤᠨ ᠦᠨᠡᠲᠦ ᠵᠦᠢᠯ ᠢ ᠰᠤᠷᠲᠠᠯᠴᠢᠯᠠᠬᠤ᠂ ᠪᠠᠲᠤᠯᠠᠨ ᠬᠠᠮᠡᠭᠠᠯᠡᠬᠤ ᠰᠠᠯᠪᠤᠷᠢ ᠶᠢᠨ ᠬᠠᠮᠲᠤ ᠶᠢᠨ ᠠᠵᠢᠯᠯᠠᠭ᠎ᠠ ᠶᠢ ᠥᠷᠭᠡᠵᠢᠭᠦᠯᠬᠦ ᠶᠢᠨ ᠲᠤᠯᠠᠳᠠ᠂ ᠬᠥᠮᠥᠨ ᠤ ᠡᠷᠭᠡ᠂ ᠬᠠᠤᠯᠢ ᠳᠡᠭᠡᠳᠦᠯᠡᠬᠦ  ᠲᠤᠤᠱᠲᠠᠢ ᠪᠠᠶᠢᠳᠠᠯ ᠢᠶᠠᠨ ᠪᠠᠬᠢᠵᠢᠭᠦᠯᠬᠦ ᠶᠢᠨ ᠲᠥᠯᠥᠭᠡ ᠠᠵᠢᠯᠯᠠᠵᠤ ᠢᠷᠡᠭᠰᠡᠨ᠃ ᠪᠢᠳᠡ ᠮᠣᠩᠭᠤᠯ ᠤᠯᠤᠰ ᠢ ᠰᠲᠷᠠᠲ᠋ᠧᠭᠢ ᠶᠢᠨ ᠲᠦᠩᠰᠢ ᠭᠡᠵᠦ ᠪᠠᠭ᠋ᠠᠷᠬᠠᠯᠲᠠᠢ ᠪᠠᠷ ᠨᠡᠷᠡᠯᠡᠵᠦ ᠴᠢᠳᠠᠨ᠎ᠠ᠃
ᠬᠠᠮᠲᠤ ᠶᠢᠨ ᠦᠨᠡᠲᠦ ᠵᠦᠢᠯᠡᠰ᠂ ᠨᠡᠶᠢᠲᠡᠯᠢᠭ ᠠᠰᠢᠭ ᠰᠣᠨᠢᠷᠬᠠᠯ ᠤᠨ ᠦᠨᠳᠦᠰᠦᠨ ᠳᠡᠭᠡᠷ᠎ᠡ  ᠠᠮᠧᠷᠢᠺᠠ᠂ ᠮᠣᠩᠭᠣᠯ ᠤᠨ ᠬᠠᠷᠢᠯᠴᠠᠭ᠎ᠠ ᠲᠣᠭᠲᠠᠭᠰᠠᠨ᠃ ᠬᠡᠷᠪᠡ ᠪᠢ ᠲᠣᠮᠢᠯᠠᠭᠳᠠᠪᠠᠯ ᠮᠣᠩᠭᠣᠯ ᠤᠨ ᠠᠷᠠᠳᠴᠢᠯᠠᠯ᠂ ᠡᠳ᠋ ᠤᠨ ᠵᠠᠰᠠᠭ ᠤᠨ ᠢᠨᠰᠲ᠋ᠢᠲ᠋ᠤᠼ ᠢ ᠪᠠᠬᠢᠵᠢᠭᠦᠯᠬᠦ ᠶᠢ ᠡᠷᠡᠮᠡᠯᠵᠡᠵᠦ᠂ ᠠᠩᠬᠠᠷᠤᠯ ᠢᠶᠠᠨ ᠬᠠᠨᠳᠦᠭᠤᠯᠬᠤ ᠪᠣᠯᠤᠨ᠎ᠠ᠃ ᠪᠢᠳᠡᠨ ᠤ ᠵᠣᠷᠢᠯᠭ᠎ᠠ ᠪᠣᠯ  ᠮᠣᠩᠭᠣᠯ ᠤᠨ ᠠᠷᠡᠦᠠ ᠲᠦᠮᠡᠨ ᠢ ᠣᠯᠠᠨ ᠤᠯᠤᠰ ᠤᠨ ᠬᠠᠮᠲᠤ ᠶᠢᠨ ᠨᠡᠶᠢᠭᠡᠮᠯᠢᠭ ᠲᠤ ᠪᠦᠲᠦᠭᠡᠯᠴᠢ ᠪᠠᠷ ᠡᠭᠦᠷᠭᠡ ᠭᠦᠢᠴᠡᠳᠬᠡᠵᠦ᠂ ᠬᠤᠪᠢ ᠶᠢᠨ ᠬᠡᠪᠰᠢᠯ ᠳᠤ ᠲᠤᠯᠭᠠᠭᠤᠷᠢᠯᠠᠨ ᠬᠥᠭᠵᠢᠭᠰᠡᠨ᠂ ᠡᠳ᠋ ᠤᠨ ᠵᠠᠰᠠᠭ ᠲᠤ ᠲᠡᠰᠪᠦᠷᠢ ᠲᠠᠢ ᠠᠷᠠᠳᠴᠢᠯᠠᠭᠰᠠᠨ ᠲᠣᠭᠲᠠᠯᠴᠠᠭ᠎ᠠ ᠶᠢ ᠪᠤᠢ ᠪᠣᠯᠭᠠᠬᠤ ᠳᠤ ᠳᠡᠮᠵᠢᠬᠦ ᠶᠠᠪᠤᠳᠠᠯ ᠶᠤᠮ᠃ ᠪᠢ ᠲᠣᠳᠤᠷᠬᠠᠶ ᠠᠰᠠᠭᠤᠳᠠᠯ ᠤᠳ ᠢᠶᠠᠷ ᠰᠠᠨᠠᠯ ᠪᠣᠳᠤᠯ ᠢᠶᠠᠨ ᠢᠯᠡᠷᠬᠡᠢᠯᠡᠶ᠎ᠡ᠃
ᠨᠢᠭᠡᠳᠦᠭᠡᠷ ᠲᠤ᠂ ᠮᠣᠩᠭᠤᠯ ᠤᠯᠤᠰ ᠨᠡᠭᠦᠷᠡᠰᠦ᠂ ᠪᠤᠰᠤᠳ ᠠᠰᠢᠭᠲᠤ ᠮᠠᠯᠲᠠᠮᠠᠯ ᠤᠨ ᠠᠷᠪᠢᠠ ᠨᠥᠭᠡᠴᠡ ᠲᠠᠢ᠂ ᠡᠷᠴᠢᠮ ᠬᠦᠴᠦᠨ ᠤ ᠰᠢᠯᠵᠢᠯᠲᠡ ᠶᠢᠨ ᠡᠭᠡᠳᠡᠷᠡᠭᠡᠲᠡᠢ ᠦᠶ᠎ᠡ ᠳᠡᠭᠡᠨ ᠪᠠᠶᠢᠨ᠎ᠡ᠃ ᠮᠣᠩᠭᠤᠯ  ᠤᠯᠤᠰ ᠡᠷᠴᠢᠮ ᠬᠦᠴᠦᠨ ᠤ ᠬᠡᠷᠡᠭᠴᠡᠭᠡ ᠪᠠᠨ ᠬᠠᠩᠭᠠᠬᠤ᠂ ᠭᠠᠳᠠᠭᠠᠳᠤ ᠸᠠᠯᠢᠶᠤᠲ ᠤᠨ ᠨᠥᠭᠡᠴᠡ ᠪᠦᠷᠢᠳᠦᠭᠦᠯᠬᠦ ᠨᠢ ᠣᠯᠪᠤᠷᠢᠯᠠᠬᠤ ᠦᠢᠯᠡᠳᠪᠦᠷᠢ ᠠᠴᠠ ᠬᠠᠮᠢᠶᠠᠷᠤᠯ ᠲᠠᠢ᠃ ᠡᠭᠦᠨ ᠤ ᠵᠡᠷᠭᠡᠴᠡᠭᠡ ᠮᠣᠩᠭᠤᠯ   ᠤᠯᠤᠰ ᠤᠰᠤᠨ ᠴᠠᠬᠢᠯᠭᠠᠨ ᠰᠲ᠋ᠠᠨᠼ ᠠᠴᠠ ᠡᠬᠢᠯᠡᠭᠡᠳ ᠨᠠᠷᠠ᠂ ᠰᠠᠯᠬᠢᠨ ᠤ ᠴᠡᠪᠡᠷ ᠡᠷᠴᠢᠮ ᠬᠦᠴᠦᠨ ᠤ ᠠᠰᠤᠷᠤ ᠶᠡᠭᠡ ᠨᠥᠭᠡᠴᠡ ᠲᠠᠢ᠃ ᠬᠡᠷᠪᠡ ᠪᠢ ᠲᠤᠰ ᠠᠯᠪᠠᠨ ᠳᠤ ᠲᠣᠮᠢᠯᠠᠭᠳᠠᠪᠠᠯ ᠮᠣᠩᠭᠤᠯ ᠤᠯᠤᠰ ᠢ ᠢᠷᠡᠭᠡᠳᠦᠢ ᠳᠤ ᠴᠡᠪᠡᠷ ᠡᠷᠴᠢᠮ ᠬᠦᠴᠦ ᠲᠡᠢ ᠪᠣᠯᠵᠤ ᠰᠢᠯᠵᠢᠬᠦ ᠳᠤ ᠨᠢ ᠲᠤᠰᠠᠯᠠᠬᠤ ᠶᠢ ᠡᠷᠡᠮᠡᠯᠵᠡᠬᠦ ᠪᠣᠯᠤᠨ᠎ᠠ᠃
ᠬᠤᠶᠠᠳᠤᠭᠠᠷ ᠲᠤ᠂ ᠮᠣᠩᠭᠤᠯ ᠤᠯᠤᠰ ᠤᠨ ᠡᠳ᠋ ᠤᠨ ᠵᠠᠰᠠᠭ ᠲᠤ ᠭᠸᠦ᠋ ᠰᠲᠷᠠᠲ᠋ᠧᠭᠢ ᠶᠢᠨ ᠲᠤᠯᠭᠠᠮᠳᠠᠭᠰᠠᠨ ᠠᠰᠠᠭᠤᠳᠠᠯ  ᠪᠠᠢᠨ᠎ᠠ᠃ ᠠᠮᠧᠷᠢᠺᠠ ᠶᠢᠨ ᠬᠥᠭᠵᠢᠯ ᠤᠨ ᠳᠡᠮᠵᠢᠯᠭᠡ ᠨᠢ ᠲᠤᠰ ᠤᠯᠤᠰ ᠢ ᠬᠥᠭᠵᠢᠭᠦᠯᠬᠦ ᠳᠤ ᠴᠢᠬᠤᠯᠠ ᠠᠴᠢ ᠬᠤᠯᠪᠣᠭᠳᠠᠯ ᠲᠠᠢ ᠬᠡᠪ ᠢᠶᠠᠷ ᠪᠠᠶᠢᠨ᠎ᠡ᠃ ᠲᠤᠬᠠᠶᠢᠯᠠᠪᠠᠯ᠂  ᠠᠮᠧᠷᠢᠺᠠ ᠶᠢᠨ ᠵᠠᠰᠠᠭ ᠤᠨ ᠭᠠᠵᠠᠷ ᠠᠴᠠ ᠮᠣᠩᠭᠤᠯ ᠳᠤ ᠬᠢᠵᠦ ᠪᠤᠶ ᠬᠠᠮᠤᠬ ᠤᠨ ᠲᠣᠮᠤ ᠬᠥᠷᠥᠩᠭᠡ ᠣᠷᠤᠭᠤᠯᠤᠯᠲᠠ ᠪᠣᠯ 2026 ᠣᠨ ᠳᠤ ᠠᠰᠢᠭᠯᠠᠯᠲᠠ ᠳᠤ ᠣᠷᠣᠬᠤ᠂ ᠤᠯᠠᠭᠠᠨᠪᠠᠭᠠᠲᠤᠷ ᠤᠨ ᠰᠠᠷᠠᠯ ᠤᠰᠤ ᠶᠢ ᠳᠠᠬᠢᠨ ᠪᠣᠯᠪᠠᠰᠤᠷᠠᠭᠤᠯᠬᠤ ᠰᠢᠰᠲ᠋ᠧᠮ᠂ ᠬᠤᠲᠠ ᠶᠢᠨ ᠤᠰᠤᠨ ᠬᠠᠩᠭᠠᠮᠵᠢ ᠶᠢ 80 ᠬᠤᠪᠢ ᠪᠠᠷ ᠨᠡᠮᠡᠭᠳᠡᠭᠦᠯᠬᠦ ᠮᠢᠩᠭᠠᠨ ᠤ ᠰᠣᠷᠢᠯᠲᠠ ᠶᠢᠨ ᠺᠤᠷᠫᠤᠷᠠᠼ ᠤᠨ 350  ᠰᠠᠶ᠎ᠠ  ᠳ᠋ᠣᠯᠯᠠᠷ ᠤᠨ ᠤᠰᠤᠨ ᠤ ᠺᠤᠮᠫᠠᠺᠲ ᠲᠥᠰᠥᠯ ᠶᠤᠮ᠃ ᠲᠡᠭᠦᠨᠴᠢᠯᠡᠨ  ᠠᠮᠧᠷᠢᠺᠠ ᠶᠢᠨ ᠣᠯᠠᠨ ᠤᠯᠤᠰ ᠤᠨ ᠬᠥᠭᠵᠢᠯ ᠤᠨ ᠰᠠᠩᠬᠦᠦ ᠶᠢᠨ ᠺᠤᠷᠫᠤᠷᠠᠼ ᠤᠨ 38  ᠰᠠᠶ᠎ᠠ  ᠳ᠋ᠣᠯᠯᠠᠷ ᠤᠨ ᠪᠠᠭᠴᠠ ᠶᠢᠨ ᠲᠥᠰᠥᠯ ᠤᠳ ᠡᠮᠡᠭᠲᠡᠶᠢᠴᠦᠳ᠂ ᠵᠠᠯᠠᠭᠤᠴᠤᠳ ᠤᠨ ᠵᠢᠵᠢᠭ᠂ ᠳᠤᠮᠳᠠ ᠦᠢᠯᠡᠳᠪᠦᠷᠢ ᠨᠦᠭᠦᠳ ᠢ ᠳᠡᠮᠵᠢᠵᠦ᠂ ᠡᠷᠴᠢᠮ ᠬᠦᠴᠦᠨ ᠤ ᠵᠠᠰᠠᠭᠯᠠᠯ ᠢ ᠰᠠᠶᠢᠵᠢᠷᠠᠭᠤᠯᠬᠤ ᠳᠤ ᠴᠢᠭᠯᠡᠳᠡᠭ᠃
ᠭᠤᠷᠪᠠᠳᠤᠭᠠᠷ ᠲᠤ᠂ ᠮᠣᠩᠭᠤᠯ ᠳᠠᠬᠢ ᠠᠮᠧᠷᠢᠺᠠ ᠶᠢᠨ ᠴᠡᠷᠢᠭ ᠤᠨ ᠬᠠᠮᠲᠤ ᠶᠢᠨ ᠠᠵᠢᠯᠯᠠᠭ᠎ᠠ ᠶᠢ ᠪᠢᠳᠡᠨ ᠤ ᠬᠠᠷᠢᠯᠴᠠᠭᠠᠨ ᠤ ᠲᠤᠯᠭ᠎ᠠ ᠶᠢᠨ ᠴᠢᠯᠠᠭᠤᠨ ᠤ ᠨᠢᠭᠡ ᠭᠡᠵᠦ ᠦᠵᠡᠳᠡᠭ᠃ ᠠᠹᠭᠠᠨᠢᠰᠲ᠋ᠠᠨ ᠳᠤ  ᠠᠮᠧᠷᠢᠺᠠ ᠂  ᠨᠠᠲ᠋ᠤ᠋ ᠶᠢᠨ ᠡᠪᠰᠡᠯ ᠤᠨ ᠲᠦᠩᠰᠢ ᠤᠳ ᠲᠠᠢ ᠮᠥᠷᠦ ᠵᠡᠷᠭᠡᠴᠡᠨ ᠡᠭᠦᠷᠭᠡ ᠭᠦᠢᠴᠡᠳᠬᠡᠭᠰᠡᠨ ᠮᠣᠩᠭᠤᠯ ᠴᠡᠷᠢᠭ ᠤᠳ ᠲᠤ  ᠠᠮᠧᠷᠢᠺᠠ ᠶᠢᠨ ᠨᠢᠭᠡᠳᠦᠭᠰᠡᠨ ᠤᠯᠤᠰ ᠲᠠᠯᠠᠷᠬᠠᠵᠤ ᠪᠠᠶᠢᠨ᠎ᠡ᠃ ᠴᠠᠭᠠᠰᠢᠯᠠᠪᠠᠯ᠂  ᠠᠮᠧᠷᠢᠺᠠ ᠶᠢᠨ ᠠᠷᠮᠢ ᠮᠣᠩᠭᠣᠯ ᠤᠨ ᠵᠡᠪᠰᠡᠭᠲᠦ ᠬᠦᠴᠦᠨ ᠤ ᠮᠡᠳᠡᠭᠡᠯᠡᠯ ᠤᠨ ᠳᠡᠳ᠋ ᠪᠦᠲᠦᠴᠡ ᠶᠢᠨ ᠢᠨᠵᠧᠨᠧᠷ ᠤᠨ ᠴᠢᠳᠠᠪᠬᠢ᠂ ᠡᠩᠬᠡ ᠶᠢ ᠰᠠᠬᠢᠭᠤᠯᠬᠤ ᠠᠵᠢᠯᠯᠠᠭᠠᠨ ᠳᠤ ᠪᠡᠯᠡᠨ ᠪᠠᠶᠢᠳᠠᠯ ᠢ ᠰᠠᠶᠢᠵᠢᠷᠠᠭᠤᠯᠬᠤ ᠳᠤ ᠥᠷᠭᠡᠨ ᠬᠦᠷᠢᠶ᠎ᠡ ᠲᠠᠢ ᠲᠤᠰᠠᠯᠠᠮᠵᠢ᠂ ᠰᠤᠷᠭᠠᠯᠲᠠ ᠶᠠᠪᠤᠭᠤᠯᠳᠠᠭ᠃ ᠪᠢ ᠡᠨᠡ ᠠᠯᠪᠠᠨ ᠳᠤ ᠲᠣᠮᠢᠯᠠᠭᠳᠠᠪᠠᠯ ᠮᠣᠩᠭᠤᠯ ᠤᠯᠤᠰ ᠤᠨ ᠤᠭ ᠠᠴᠠ ᠰᠠᠶᠢᠨ᠂  ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ  ᠶᠢᠨ ᠡᠩᠬᠡ ᠶᠢ ᠰᠠᠬᠢᠭᠤᠯᠬᠤ ᠠᠵᠢᠯᠯᠠᠭᠠᠨ ᠤ ᠴᠢᠳᠠᠪᠬᠢ ᠶᠢ ᠦᠷᠭᠦᠯᠵᠢᠯᠡᠭᠦᠯᠦᠨ ᠥᠷᠭᠡᠵᠢᠭᠦᠯᠬᠦ ᠶᠢ ᠳᠡᠮᠵᠢᠬᠦ ᠪᠣᠯᠤᠨ᠎ᠠ᠃

ᠲᠡᠭᠦᠰᠬᠡᠯ ᠳᠤ ᠨᠢ ᠣᠯᠠᠨ ᠨᠡᠶᠢᠲᠡ ᠶᠢᠨ ᠳ᠋ᠢᠫᠯᠤᠮᠠᠲ ᠶᠣᠰᠣ ᠶᠢ ᠥᠭᠡᠷᠡᠴᠢᠯᠡᠬᠦ ᠳᠤ ᠪᠢ ᠢᠷᠭᠡᠳ ᠤᠨ  ᠮᠣᠩᠭᠤᠯᠴᠤᠳ ᠲᠠᠢ᠂ ᠢᠯᠠᠩᠭᠤᠶ᠎ᠠ ᠭᠠᠳᠠᠭᠠᠳᠤ ᠳᠤ ᠰᠤᠷᠤᠯᠴᠠᠵᠤ᠂  ᠠᠮᠧᠷᠢᠺᠠ  ᠪᠤᠯᠦᠠ ᠪᠤᠰᠤᠳ ᠴᠢᠯᠦᠭᠡᠳᠦ ᠵᠠᠬ᠎ᠠ ᠵᠡᠭᠡᠯᠢ ᠶᠢᠨ ᠨᠡᠶᠢᠭᠡᠮ ᠲᠠᠢ ᠣᠶᠢᠷ᠎ᠠ ᠬᠠᠷᠢᠯᠴᠠᠭ᠎ᠠ ᠲᠤᠬᠳᠡᠭᠠᠬᠤ ᠬᠦᠰᠡᠯ ᠡᠷᠡᠮᠡᠯᠵᠡᠯ  ᠨᠢ ᠨᠡᠮᠡᠭᠳᠡᠵᠦ ᠪᠤᠶ ᠵᠠᠯᠠᠭᠤᠰ ᠲᠠᠢ ᠬᠠᠷᠢᠯᠴᠠᠭ᠎ᠠ ᠪᠠᠨ ᠪᠠᠬᠢᠵᠢᠭᠦᠯᠬᠦ  ᠶᠢ ᠴᠢᠬᠤᠯᠠ ᠭᠡᠵᠦ ᠦᠵᠡᠵᠦ ᠪᠠᠶᠢᠨ᠎ᠡ᠃

ᠣᠯᠠᠨ ᠵᠢᠯ ᠤᠨ ᠲᠤᠷᠰᠢ ᠮᠠᠨ ᠤ ᠰᠣᠯᠢᠯᠴᠠᠭᠠᠨ ᠤ ᠬᠥᠲᠥᠯᠪᠦᠷᠢ ᠨᠤᠭᠦᠳ ᠦᠭᠭᠦᠭᠡᠵᠢ ᠪᠠᠨ ᠥᠭᠴᠦ᠂ ᠴᠡᠷᠢᠭ ᠤᠨ ᠤᠳᠤᠷᠢᠳᠤᠭᠴᠢᠳ᠂ ᠪᠢᠽᠨᠧᠰ᠂ ᠰᠠᠩᠬᠦᠦ ᠶᠢᠨ ᠰᠠᠯᠪᠤᠷᠢ ᠳᠤ ᠨᠡᠷ᠎ᠡ ᠬᠦᠨᠳᠦᠲᠡᠢ ᠬᠥᠮᠥᠰ᠂ ᠢᠷᠭᠡᠨ ᠤ ᠨᠡᠶᠢᠭᠡᠮ᠂ ᠡᠷᠳᠡᠮ ᠰᠢᠨᠵᠢᠯᠡᠭᠡᠨ ᠤ ᠰᠠᠯᠪᠤᠷᠢ ᠶᠢᠨ ᠨᠦᠯᠤᠬᠡ  ᠪᠦᠬᠦᠢ ᠭᠡᠰᠢᠭᠦᠳ᠂ ᠣᠳᠣ ᠶᠢᠨ ᠫᠠᠷᠯᠠᠮᠧᠨ᠋ᠲ ᠤᠨ ᠭᠡᠰᠢᠭᠦᠳ ᠤᠨ ᠭᠤᠷᠪᠠᠨ ᠤ ᠨᠢᠭᠡ ᠨᠢ  ᠠᠮᠧᠷᠢᠺᠠ ᠶᠢᠨ ᠰᠣᠯᠢᠯᠴᠠᠭᠠᠨ ᠤ ᠬᠥᠲᠥᠯᠪᠦᠷᠢ  ᠨᠤᠭᠦᠳ ᠲᠤ  ᠰᠤᠷᠤᠯᠴᠠᠵᠤ ᠲᠡᠭᠦᠰᠦᠭᠰᠡᠨ ᠬᠥᠮᠥᠰ᠃
ᠢᠷᠭᠡᠳ ᠤᠨ ᠢᠶᠠᠨ ᠬᠠᠷᠢᠯᠴᠠᠭ᠎ᠠ ᠶᠢ ᠰᠠᠶᠢᠵᠢᠷᠠᠭᠤᠯᠬᠤ ᠨᠢᠭᠡ ᠴᠢᠬᠤᠯᠠ ᠵᠦᠢᠯ ᠪᠣᠯ ᠮᠣᠩᠭᠤᠯ ᠳᠤ ᠠᠩᠭ᠍ᠯᠢ ᠬᠡᠯᠡᠨ ᠤ ᠪᠣᠯᠪᠠᠰᠤᠷᠠᠯ ᠢ ᠳᠡᠮᠵᠢᠬᠦ ᠶᠠᠪᠤᠳᠠᠯ ᠶᠤᠮ᠃ ᠴᠠᠷ᠎ᠠ ᠲᠠᠬᠤᠯ ᠡᠬᠢᠯᠡᠭᠰᠡᠨ 2020 ᠣᠨ ᠬᠦᠷᠳᠡᠯ᠎ᠠ ᠵᠢᠯ ᠪᠦᠷᠢ ᠡᠩᠬᠡ ᠲᠠᠶᠢᠪᠤᠩ ᠤᠨ ᠺᠤᠷᠫᠦ᠋ᠰ ᠤᠨ 100 ᠣᠷᠴᠢᠮ ᠰᠠᠶᠢᠨ ᠳᠤᠷ᠎ᠠ ᠶᠢᠨ ᠠᠵᠢᠯᠲᠠᠨ  ᠲᠡᠨᠳᠡ ᠠᠩᠭ᠍ᠯᠢ ᠬᠡᠯᠡ ᠵᠢᠭᠠᠭᠰᠠᠨ᠃ ᠡᠯᠴᠢᠨ ᠰᠠᠶᠢᠳ ᠤᠨ ᠬᠤᠪᠢ ᠳᠤ ᠪᠢ ᠡᠨᠡ ᠴᠢᠬᠤᠯᠠ ᠬᠥᠲᠥᠯᠪᠦᠷᠢ ᠶᠢ ᠠᠯᠢ ᠪᠣᠯᠬᠤ ᠡᠮᠦᠨᠡᠬᠢ ᠲᠦᠪᠰᠢᠨ ᠳᠤ ᠨᠢ ᠳᠠᠷᠤᠶ ᠬᠦᠷᠭᠡᠵᠦ ᠠᠵᠢᠯᠯᠠᠬᠤ ᠪᠠᠨ ᠠᠮᠠᠯᠠᠵᠤ ᠪᠠᠶᠢᠨ᠎ᠡ᠃ ᠮᠣᠩᠭᠤᠯ ᠳᠤ  ᠠᠮᠧᠷᠢᠺᠠ ᠶᠢᠨ ᠡᠯᠴᠢᠨ ᠰᠠᠶᠢᠳ ᠢᠶᠠᠷ ᠠᠵᠢᠯᠯᠠᠵᠤ᠂ ᠮᠣᠩᠭᠤᠯ ᠳᠠᠬᠢ  ᠠᠮᠧᠷᠢᠺᠠ ᠶᠢᠨ ᠨᠢᠭᠡᠳᠦᠭᠰᠡᠨ ᠤᠯᠤᠰ  ᠤᠨ ᠲᠥᠯᠥᠭᠡᠯᠡᠭᠴᠢ ᠶᠢᠨ ᠭᠠᠵᠠᠷ ᠤᠨ ᠰᠢᠯᠢᠳᠡᠭ ᠪᠤᠯᠪᠡᠰᠦᠠ ᠬᠦᠴᠦᠨ ᠢ ᠤᠳᠤᠷᠢᠳᠴᠤ᠂ ᠤᠯᠤᠰ ᠢᠶᠠᠨ ᠲᠥᠯᠥᠭᠡᠯᠡᠬᠦ ᠨᠢ ᠮᠢᠨᠦ ᠬᠤᠪᠢ ᠳᠤ ᠨᠠᠰᠦᠨ ᠲᠤᠷᠰᠢ ᠶᠢᠨ ᠨᠡᠷ᠎ᠡ ᠲᠥᠷᠦ ᠶᠢᠨ ᠬᠡᠷᠡᠭ ᠪᠠᠶᠢᠬᠤ ᠪᠣᠯᠤᠨ᠎ᠠ᠃
ᠬᠡᠷᠪᠡ ᠪᠢ ᠲᠣᠮᠢᠯᠠᠭᠳᠠᠪᠠᠯ ᠺᠣᠨ᠋ᠭ᠍ᠷᠧᠰᠰ ᠲᠠᠢ ᠬᠠᠮᠲᠤᠷᠠᠨ᠂ ᠰᠲᠷᠠᠲ᠋ᠧᠭᠢ ᠶᠢᠨ ᠲᠦᠩᠰᠢ ᠮᠣᠩᠭᠤᠯ ᠤᠯᠤᠰ ᠲᠠᠢ ᠬᠠᠷᠢᠯᠴᠠᠭ᠎ᠠ ᠪᠠᠨ ᠭᠦᠨᠵᠡᠭᠡᠶᠢᠷᠡᠭᠦᠯᠬᠦ ᠶᠢᠨ ᠵᠡᠷᠭᠡᠴᠡᠭᠡ ᠮᠣᠩᠭᠣᠯ ᠤᠨ ᠠᠷᠠᠳ ᠲᠦᠮᠡᠨ ᠤ ᠪᠡᠶᠡᠯᠢᠬ ᠰᠤᠶᠦᠯ  ᠲᠡᠦᠬᠡ ᠳᠤ ᠬᠦᠨᠳᠦᠳᠬᠡᠯ ᠦᠵᠡᠭᠦᠯᠵᠦ᠂ ᠵᠠᠰᠠᠭ ᠤᠨ ᠭᠠᠵᠠᠷ ᠲᠤ ᠨᠢ ᠬᠤᠷᠢᠨ ᠨᠢᠭᠡᠳᠦᠭᠡᠷ ᠵᠠᠭᠤᠨ ᠳᠤ ᠲᠤᠯᠭᠠᠷᠠᠵᠤ ᠪᠤᠶ ᠰᠣᠷᠢᠯᠲᠠ ᠨᠤᠭᠤᠳ ᠢ ᠳᠠᠪᠠᠨ ᠲᠤᠭᠤᠯᠬᠤ ᠳᠤ ᠨᠢ ᠲᠤᠰᠠᠯᠠᠬᠤ ᠪᠠᠨ ᠲᠡᠰᠦᠨ ᠶᠠᠳᠠᠨ ᠬᠦᠯᠢᠶᠡᠵᠦ ᠪᠠᠶᠢᠨ᠎ᠡ᠃ ᠪᠠᠶᠠᠷᠯᠠᠯ᠎ᠠ ᠃

ᠰᠡᠳᠬᠢᠭᠳᠡᠯ ᠦᠯᠡᠳᠡᠭᠡᠬᠦ