ᠦᠨᠳᠦᠰᠦᠨ ᠤ ᠴᠠᠬᠢᠮ ᠰᠢᠤᠳᠠᠨ ᠢ ᠢᠷᠡᠬᠦ ᠰᠠᠷ᠎ᠠ ᠳᠤ ᠨᠡᠪᠲᠡᠷᠡᠭᠦᠯᠦᠨ᠎ᠡ | News.MN

ᠦᠨᠳᠦᠰᠦᠨ ᠤ ᠴᠠᠬᠢᠮ ᠰᠢᠤᠳᠠᠨ ᠢ ᠢᠷᠡᠬᠦ ᠰᠠᠷ᠎ᠠ ᠳᠤ ᠨᠡᠪᠲᠡᠷᠡᠭᠦᠯᠦᠨ᠎ᠡ

ᠵᠠᠰᠠᠭ ᠤᠨ ᠭᠠᠵᠠᠷ ᠤᠨ 2022 ᠣᠨ ᠤ ᠲᠠᠪᠤᠳᠤᠭᠠᠷ ᠰᠠᠷ᠎ᠠ ᠶᠢᠨ 25 ᠤ ᠡᠭᠡᠯᠵᠢᠲᠦ ᠬᠤᠷᠠᠯ ᠠᠴᠠ ᠢᠷᠭᠡᠳ ᠲᠤ ᠲᠣᠭᠠᠨ ᠭᠠᠷ ᠤᠨ ᠦᠰᠦᠭ᠂ ᠴᠠᠬᠢᠮ ᠰᠢᠤᠳᠠᠨ ᠤ ᠬᠠᠶ᠋ᠢᠭ ᠢ 2022 ᠣᠨ ᠳᠤ ᠪᠠᠭᠲᠠᠭᠠᠨ ᠣᠯᠭᠤᠬᠤ ᠠᠷᠭ᠎ᠠ ᠭᠡᠮᠵᠢᠶ᠎ᠠ ᠠᠪᠴᠤ ᠪᠦᠬᠦ ᠨᠡᠶᠢᠲᠡ ᠪᠠᠷ ᠬᠡᠷᠡᠭᠯᠡᠬᠦ ᠨᠥᠬᠦᠴᠡᠯ ᠢ ᠪᠦᠷᠢᠳᠦᠭᠦᠯᠬᠦ ᠲᠠᠯ᠎ᠠ ᠪᠠᠷ ᠠᠷᠭ᠎ᠠ ᠭᠡᠮᠵᠢᠶ᠎ᠠ ᠠᠪᠬᠤ ᠶᠢ ᠳᠠᠭᠠᠭᠠᠯᠭᠠᠭᠰᠠᠨ᠃ ᠡᠨᠡ ᠳᠠᠭᠠᠤ ᠴᠠᠬᠢᠮ ᠬᠥᠭᠵᠢᠯ᠂ ᠬᠠᠷᠢᠯᠴᠠᠭ᠎ᠠ ᠬᠤᠯᠪᠤᠭᠠᠨ ᠤ ᠶᠠᠮᠤᠨ ᠠᠴᠠ ᠦᠨᠳᠦᠰᠦᠨ ᠤ ᠴᠠᠬᠢᠮ ᠰᠢᠤᠳᠠᠨ ᠤ ᠰᠢᠰᠲ᠋ᠧᠮ ᠤᠨ ᠬᠦᠭᠵᠢᠭᠦᠯᠦᠯᠲᠡ ᠶᠢ ᠬᠢᠵᠦ᠂ ᠢᠷᠡᠬᠦ ᠨᠠᠢᠮᠠᠳᠤᠭᠠᠷ ᠰᠠᠷ᠎ᠠ ᠳᠤ ᠨᠡᠪᠲᠡᠷᠡᠭᠦᠯᠬᠦ ᠪᠠᠷ ᠠᠵᠢᠯᠯᠠᠵᠤ ᠪᠠᠶᠢᠨ᠎ᠡ᠃
︽ᠨᠡᠶᠢᠲᠡ ᠶᠢᠨ ᠮᠡᠳᠡᠭᠡᠯᠡᠯ ᠤᠨ ᠢᠯᠡ ᠲᠤᠳᠦ ᠪᠠᠶᠢᠳᠠᠯ ᠤᠨ ᠲᠤᠬᠠᠶ︾ᠬᠠᠤᠯᠢ ᠶᠢᠨ ᠳᠠᠭᠠᠤ ᠢᠷᠭᠡᠠ᠂ ᠬᠠᠤᠯᠢ ᠶᠢᠨ ᠡᠲᠡᠭᠡᠳ ᠤᠨ ᠬᠦᠰᠡᠯᠲᠡ ᠶᠢ ᠦᠨᠳᠦᠰᠦᠯᠡᠨ ᠢᠷᠭᠡᠨ ᠤ ᠪᠦᠷᠢᠳᠬᠡᠯ ᠳ᠋ᠤᠭᠠᠷ ᠢᠶᠠᠷ ᠦᠨᠳᠦᠰᠦᠨ ᠤ ᠴᠠᠬᠢᠮ ᠰᠢᠤᠳᠠᠨ ᠢ ᠡᠭᠦᠰᠬᠡᠵᠦ᠂ ᠮᠡᠳᠡᠭᠡᠯᠡᠯ ᠬᠠᠷᠢᠭᠤᠴᠠᠭᠴᠢ ᠠᠴᠠ ᠮᠡᠳᠡᠭᠡᠯᠡᠯ ᠢ ᠭᠤᠷᠪᠠᠳᠠᠭᠴᠢ ᠡᠲᠡᠭᠡᠳ ᠲᠤ ᠥᠭᠭᠦᠭᠰᠡᠨ᠂ ᠳᠠᠮᠵᠢᠭᠤᠯᠤᠭᠰᠠᠨ ᠲᠤᠬᠠᠶ  ᠪᠦᠷᠢ  ᠳᠤ ᠮᠡᠳᠡᠭᠡᠯᠡᠯ ᠤᠨ ᠡᠵᠡᠨ ᠳᠤ ᠮᠡᠳᠡᠭᠳᠡᠯ ᠢ ᠲᠤᠰᠠ ᠴᠠᠬᠢᠮ ᠰᠢᠤᠳᠠᠨ ᠢᠶᠠᠷ ᠬᠦᠷᠬᠡᠭᠦᠯᠬᠦ ᠮᠦᠠ ᠢᠷᠭᠡᠳ ᠠᠴᠠ ᠲᠥᠷᠦ ᠶᠢᠨ ᠪᠠᠶᠢᠭᠤᠯᠤᠯᠭ᠎ᠠ ᠳᠤ ᠰᠠᠨᠠᠯ ᠬᠦᠰᠡᠯᠲᠡ᠂ ᠡᠷᠭᠦᠳᠡᠯ᠂ ᠭᠤᠮᠣᠳᠠᠯ ᠢᠶᠠᠨ ᠢᠯᠡᠭᠡᠬᠦ ᠠᠯᠪᠠᠨ ᠶᠣᠰᠣᠨ ᠤ ᠭᠡᠷᠡᠭᠰᠡᠯ ᠪᠣᠯᠬᠤ ᠪᠣᠯᠤᠨ᠎ᠠ᠃

ᠰᠡᠳᠬᠢᠭᠳᠡᠯ ᠦᠯᠡᠳᠡᠭᠡᠬᠦ