ᠮᠠᠯᠴᠢᠨ ᠤ ᠬᠤᠲᠠᠨ ᠳᠤ ᠠᠶᠤᠩᠭ᠎ᠠ ᠪᠠᠭᠤᠵᠤ 50 ᠪᠣᠭ ᠬᠤᠷᠣᠭᠳᠠᠵᠠᠢ | News.MN

 ᠮᠠᠯᠴᠢᠨ ᠤ ᠬᠤᠲᠠᠨ ᠳᠤ ᠠᠶᠤᠩᠭ᠎ᠠ ᠪᠠᠭᠤᠵᠤ 50 ᠪᠣᠭ ᠬᠤᠷᠣᠭᠳᠠᠵᠠᠢ

ᠬᠤᠪᠳᠤ ᠠᠶᠢᠮᠠᠭ ᠤᠨ ᠳᠠᠭᠤᠲᠤ ᠰᠤᠮᠤ ᠶᠢᠨ ᠰᠢᠪᠡᠷ ᠪᠠᠭ ᠤᠨ︽ᠭᠤᠯᠵᠠ ᠶᠢᠨ ᠲᠣᠯᠤᠭᠠᠢ︾ᠭᠡᠳᠡᠭ ᠭᠠᠵᠠᠷ ᠥᠴᠥᠭᠡᠳᠦᠷ 19:00 ᠴᠠᠭ ᠤᠨ ᠣᠷᠴᠢᠮ ᠮᠠᠯᠴᠢᠨ︽ᠵ᠊︾ ᠶᠢᠨ ᠬᠤᠲᠠᠨ ᠳᠤ ᠠᠶᠤᠩᠭ᠎ᠠ ᠪᠠᠭᠤᠵᠤ᠂ 50 ᠪᠣᠭ ᠮᠠᠯ ᠠᠶᠤᠩᠭ᠎ᠠ ᠳᠤ ᠳᠠᠭᠠᠷᠢᠭᠳᠠᠵᠤ ᠬᠤᠷᠣᠭᠳᠠᠭᠰᠠᠨ ᠪᠠᠶᠢᠨ᠎ᠡ᠃
ᠮᠡᠳᠡᠭᠡᠯᠡᠯ ᠤᠨ ᠳᠠᠭᠠᠤ ᠰᠢᠪᠡᠷ ᠪᠠᠭ ᠤᠨ ᠵᠠᠰᠠᠭ ᠳᠠᠷᠤᠭ᠎ᠠ ᠪᠠᠷ ᠠᠬᠠᠯᠠᠭᠤᠯᠤᠭᠰᠠᠨ ᠠᠵᠢᠯ ᠤᠨ ᠬᠡᠰᠡᠭ ᠲᠤᠬᠠᠢ ᠶᠢᠨ ᠭᠠᠵᠠᠷ ᠲᠤ 07.20 ᠤ ᠡᠳᠦᠷ ᠤᠨ 20:25 ᠴᠠᠭ ᠲᠤ ᠣᠴᠢᠵᠤ᠂ ᠨᠥᠬᠦᠴᠡᠯ ᠪᠠᠶᠢᠳᠠᠯ ᠲᠠᠢ ᠲᠠᠨᠢᠯᠴᠠᠭᠰᠠᠨ ᠪᠥᠭᠡᠳ  ᠡᠨᠡ ᠲᠤᠬᠠᠶ ᠮᠡᠳᠡᠭᠡᠯᠡᠯ ᠢ ᠳᠠᠭᠤᠲᠤ ᠰᠤᠮᠤ ᠶᠢᠨ ᠵᠠᠰᠠᠭ ᠳᠠᠷᠤᠭ᠎ᠠ ᠠᠶᠢᠮᠠᠭ ᠤᠨ  ᠣᠨᠴᠠᠭᠠᠢ ᠪᠠᠶᠢᠳᠠᠯ ᠤᠨ ᠭᠠᠵᠠᠷ ᠮᠡᠳᠡᠭᠡᠯᠡᠵᠡᠢ᠃

ᠰᠡᠳᠬᠢᠭᠳᠡᠯ ᠦᠯᠡᠳᠡᠭᠡᠬᠦ