ᠴ᠊ ·ᠮᠠᠭᠠᠯᠵᠠᠪ ᠲᠠᠢ ᠶᠠᠷᠢᠯᠴᠠᠯ᠎ᠠ | News.MN

ᠴ᠊ ·ᠮᠠᠭᠠᠯᠵᠠᠪ ᠲᠠᠢ ᠶᠠᠷᠢᠯᠴᠠᠯ᠎ᠠ

ᠮᠣᠩᠭᠤᠯ ᠲᠤᠭᠤᠷᠭᠠᠲᠠᠨ ᠤ  ᠪᠥᠬᠡ ᠶᠢᠨ ᠪᠠᠷᠢᠯᠳᠤᠭᠠᠨ ᠤ ᠲᠠᠯ᠎ᠠ ᠪᠠᠷ ᠮᠣᠩᠭᠣᠯ ᠤᠨ ᠦᠨᠳᠦᠰᠦᠨ ᠤ  ᠪᠥᠬᠡ ᠶᠢᠨ ᠬᠤᠯᠪᠣᠭ᠎ᠠ  ᠶᠢᠨ ᠶᠡᠷᠦᠩᠬᠡᠶᠢᠯᠡᠭᠴᠢ ᠴ᠊·ᠮᠠᠭᠠᠯᠵᠠᠪ ᠲᠠᠢ ᠶᠠᠷᠢᠯᠴᠠᠯ᠎ᠠ᠃
– ᠲᠤᠸᠠ᠂ ᠬᠠᠯᠢᠮᠠᠭ᠂ ᠪᠤᠷᠢᠶᠠᠳ᠂  ᠥᠪᠦᠷ  ᠮᠣᠩᠭᠣᠯ ᠤᠨ ᠪᠥᠬᠡᠴᠦᠳ ᠡᠨᠡ ᠵᠢᠯ ᠤᠨ ᠪᠡᠶᠡᠷ ᠨᠠᠭᠠᠳᠤᠮ ᠢ ᠵᠣᠷᠢᠵᠤ ᠢᠷᠡᠯ᠎ᠡ᠃ ᠮᠣᠩᠭᠣᠯ ᠤᠨ ᠤᠯᠠᠮᠵᠢᠯᠠᠯᠲᠤ ᠨᠠᠭᠠᠳᠤᠮ ᠮᠣᠩᠭᠤᠯ ᠲᠤᠭᠤᠷᠭᠠᠲᠠᠨ ᠢ ᠬᠠᠮᠤᠷᠤᠭᠰᠠᠨ ᠨᠠᠭᠠᠳᠤᠮ ᠪᠣᠯᠣᠯ᠎ᠠ ᠬᠡᠮᠡᠨ ᠬᠥᠮᠥᠰ ᠠᠮᠠ ᠰᠠᠶᠢᠲᠠᠶ ᠪᠠᠶᠢᠭᠰᠠᠨ︖
–  ᠡᠨᠡ ᠵᠢᠯ ᠤᠨ ᠨᠠᠭᠠᠳᠤᠮ ᠳᠤ ᠣᠷᠣᠯᠴᠠᠭᠰᠠᠨ ᠭᠠᠳᠠᠭᠠᠳᠤ ᠶᠢᠨ ᠪᠥᠬᠡᠴᠦᠳ ᠠᠴᠠ ᠲᠤᠸᠠ ᠦᠨᠳᠦᠰᠦᠲᠡᠨ ᠤ ᠭᠤᠷᠪᠠᠨ  ᠪᠥᠬᠡ ᠬᠤᠶᠠᠷ ᠳᠠᠪᠠᠯ᠎ᠠ᠃ ᠬᠠᠷᠢᠨ  ᠥᠪᠥᠷ ᠮᠣᠩᠭᠤᠯ ᠂ ᠬᠠᠯᠢᠮᠠᠭ᠂ ᠪᠤᠷᠢᠶᠠᠳ ᠤᠨ ᠪᠥᠬᠡᠴᠦᠳ ᠨᠢᠭᠡ ᠶᠢᠨ ᠳᠠᠪᠠᠭᠠᠨ ᠳᠤ ᠡᠪᠦᠳᠦᠭ ᠰᠢᠷᠤᠢᠳᠠᠭᠰᠠᠨ᠃  ᠲᠦᠷᠦᠭᠦᠯᠡᠬᠦ ᠡᠴᠡ ᠤᠷᠦᠯᠴᠡᠬᠤ ᠨᠢ ᠭᠡᠮᠡᠬᠦ ᠲᠠᠮᠢᠷᠴᠢᠳ ᠤᠨ ᠵᠡᠷᠴᠢᠮ ᠪᠤᠢ᠃ ᠪᠠᠷᠢᠯᠳᠤᠭᠠᠳ  ᠠᠮᠵᠢᠯᠲᠠ  ᠦᠵᠡᠭᠦᠯᠦᠨ᠎ᠡ ᠭᠡᠬᠦ ᠠᠴᠠ ᠢᠯᠡᠬᠦᠦ ᠮᠣᠩᠭᠤᠯ ᠦᠨᠳᠦᠰᠦᠨ ᠤ ᠶᠡᠭᠡ ᠪᠡᠶᠡᠷ ᠨᠠᠭᠠᠳᠤᠮ ᠳᠤ ᠣᠷᠣᠯᠴᠠᠵᠤ ᠪᠠᠶᠢᠭ᠎ᠠ ᠨᠢ ᠲᠠᠯᠠᠷᠬᠠᠯ ᠲᠠᠢ᠂ ᠰᠡᠶᠢᠬᠠᠠ ᠪᠠᠶᠢᠯ᠎ᠠ᠃
– ᠦᠨᠳᠦᠰᠦᠲᠡᠨ᠂ ᠶᠠᠰᠤᠲᠠᠨ ᠪᠣᠯᠭᠠᠨ ᠤ ᠪᠥᠬᠡ ᠶᠢᠨ ᠪᠠᠷᠢᠯᠳᠤᠭᠠᠨ ᠥᠪᠡᠷ ᠤᠨ ᠭᠡᠭᠰᠡᠨ ᠣᠨᠴᠠᠯᠢᠭ ᠲᠠᠢ᠃ ᠡᠨᠡ ᠣᠨᠴᠠᠯᠢᠭ ᠢᠶᠠᠨ ᠬᠠᠳᠠᠭᠠᠯᠠᠵᠤ᠂ ᠳᠡᠭᠡᠷ᠎ᠡ ᠠᠴᠠ ᠨᠢ ᠮᠣᠩᠭᠤᠯ  ᠪᠥᠬᠡ ᠶᠢᠨ ᠳᠦᠷᠢᠮ ᠢ ᠪᠠᠷᠢᠮᠲᠠᠯᠠᠵᠤ ᠪᠠᠷᠢᠯᠳᠤᠬᠤ ᠳᠤ ᠲᠣᠳᠤᠷᠬᠠᠶ ᠬᠤᠭᠤᠴᠠᠭᠠᠨ ᠤ ᠪᠡᠯᠡᠦᠡᠭᠡᠯ ᠱᠠᠭᠠᠷᠳᠠᠭᠳᠠᠬᠤ ᠪᠠᠶᠢᠬᠤ︖
– ᠲᠤᠸᠠ ᠪᠥᠬᠡᠴᠦᠳ ᠨᠠᠭᠠᠳᠤᠮ ᠤᠨ ᠪᠡᠯᠡᠳᠬᠡᠯ ᠢᠶᠠᠨ︽ᠤᠪᠰᠤ ᠨᠠᠭᠤᠷ︾ ᠪᠥᠬᠡ ᠶᠢᠨ ᠳᠡᠪᠵᠢᠶᠡᠨ ᠳᠤ ᠠᠶᠢᠮᠠᠭ ᠤᠨ ᠪᠥᠬᠡᠴᠦᠳ ᠲᠠᠢ ᠬᠢᠭᠰᠡᠨ ᠶᠠᠭᠤᠮ᠎ᠠ ᠪᠢᠯᠡ᠃ ᠬᠠᠯᠢᠮᠠᠭ ᠤᠨ ᠪᠥᠬᠡᠴᠦᠳ ᠨᠠᠭᠠᠳᠤᠮ ᠪᠣᠯᠬᠤ ᠠᠴᠠ ᠬᠤᠶᠠᠷ ᠬᠤᠨᠤᠭ ᠤᠨ ᠡᠮᠦᠨ᠎ᠡ ᠢᠷᠡᠭᠰᠡᠨ᠃ ᠲᠡᠳᠡ  ᠪᠥᠬᠡ ᠶᠢᠨ ᠭᠠᠯ ᠳᠡᠭᠡᠷ᠎ᠡ ᠣᠴᠢᠭᠠᠳ ᠮᠠᠨ ᠤ  ᠪᠥᠬᠡ ᠶᠢᠨ ᠣᠨᠴᠠᠯᠢᠭ ᠢ ᠵᠢᠭᠠᠯᠭᠠᠵᠤ ᠠᠪᠤᠭᠠᠳ ᠣᠷᠣᠭᠰᠠᠨ᠃ ᠬᠠᠯᠢᠮᠠᠭ ᠤᠨ ᠪᠥᠬᠡᠴᠦᠳ ᠬᠠᠮᠤᠬ ᠤᠨ ᠬᠤᠯᠠ ᠠᠴᠠ ᠵᠣᠷᠢᠵᠤ ᠢᠷᠠᠵᠤ᠂ ᠣᠷᠣᠯᠴᠠᠯ᠎ᠠ᠃
– ᠡᠨᠡ ᠵᠢᠯ ᠤᠨ ᠨᠠᠭᠠᠳᠤᠮ ᠢ  ᠲᠠ ᠬᠤᠪᠢ ᠳᠤ ᠪᠠᠨ ᠬᠡᠷᠬᠢᠨ ᠳ᠋ᠦᠩᠨᠡᠬᠦ ᠪᠤᠢ︖
– 1921 ᠣᠨ ᠠᠴᠠ ᠬᠤᠶᠢᠰᠢ 100 ᠵᠢᠯ ᠤᠨ ᠬᠤᠭᠤᠴᠠᠭᠠᠨ ᠳᠤ ᠨᠠᠭᠠᠳᠤᠮ ᠳᠤ ᠠᠷᠠᠳ ᠤᠨ ᠠᠷᠮᠢ ᠶᠢᠨ ᠪᠠᠶᠢᠯᠳᠤᠭᠴᠢ ᠴᠡᠷᠢᠭ ᠤᠳ ᠣᠷᠣᠳᠠᠭ ᠪᠠᠶᠢᠭᠰᠠᠨ᠃ ᠡᠨᠡ ᠵᠢᠯ  ᠪᠥᠬᠡ ᠶᠢᠨ ᠲᠤᠭ᠎ᠠ ᠬᠡᠲᠦᠷᠡᠭᠰᠡᠨ ᠤᠴᠢᠷ ᠠᠴᠠ ᠴᠡᠷᠢᠭ ᠤᠳ ᠣᠷᠤᠭ᠎ᠠ ᠦᠭᠡᠢ᠃ ᠵᠠᠯᠠᠭᠤ ᠪᠥᠬᠡᠴᠦᠳ᠂ ᠮᠣᠩᠭᠤᠯ ᠲᠤᠭᠤᠷᠭᠠᠲᠠᠳ ᠮᠠᠨᠢ ᠪᠠᠷᠢᠯᠳᠤᠯ᠎ᠠ᠃ ᠨᠢᠭᠡ ᠦᠭᠡ ᠪᠠᠷ ᠬᠡᠯᠡᠪᠡᠯ᠂ ᠦᠡᠳᠦᠷ ᠴᠢᠨᠰᠠᠭ᠎ᠠ ᠲᠠᠢ ᠪᠥᠬᠡ ᠶᠢᠨ ᠪᠠᠷᠢᠯᠳᠤᠭᠠᠨ ᠬᠡᠮᠡᠨ ᠳ᠋ᠦᠩᠨᠡᠵᠦ ᠪᠣᠯᠬᠤ ᠪᠠᠷ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ