︽ᠳᠠᠩᠱᠢᠭ ᠬᠦᠷᠢᠶ᠎ᠡ ᠴᠠᠮ 2022︾ᠨᠠᠭᠠᠳᠤᠮ ᠬᠦᠢ ᠳᠣᠯᠤᠭᠠᠨ ᠬᠤᠳᠳᠤᠭ ᠲᠤ ᠪᠣᠯᠤᠨ᠎ᠠ | News.MN

︽ᠳᠠᠩᠱᠢᠭ ᠬᠦᠷᠢᠶ᠎ᠡ ᠴᠠᠮ 2022︾ᠨᠠᠭᠠᠳᠤᠮ ᠬᠦᠢ ᠳᠣᠯᠤᠭᠠᠨ ᠬᠤᠳᠳᠤᠭ ᠲᠤ ᠪᠣᠯᠤᠨ᠎ᠠ

︽ᠳᠠᠩᠱᠢᠭ ᠨᠠᠭᠠᠳᠤᠮ ᠬᠦᠷᠢᠶ᠎ᠡ ᠴᠠᠮ 2022︾ᠱᠠᠰᠢᠨ ᠰᠣᠶᠤᠯ ᠤᠨ ᠨᠠᠭᠠᠳᠤᠮ ᠨᠠᠢᠮᠠᠳᠤᠭᠠᠷ ᠰᠠᠷ᠎ᠠ ᠶᠢᠨ 06-07 ᠤ ᠡᠳᠦᠷ ᠤᠳ ᠲᠤ ᠬᠦᠢ ᠳᠣᠯᠤᠭᠠᠨ ᠬᠤᠳᠳᠤᠭ ᠲᠤ ᠪᠣᠯᠤᠨ᠎ᠠ᠃  ᠵᠢᠯ ᠪᠣᠯᠭᠠᠨ ᠤ ᠨᠠᠢᠮᠠᠳᠤᠭᠠᠷ ᠰᠠᠷ᠎ᠠ ᠶᠢᠨ ᠡᠬᠢᠨ ᠤ ᠳᠣᠯᠤᠭ᠎ᠠ ᠬᠤᠨᠤᠭ ᠤᠨ ᠠᠮᠠᠷᠠᠯᠲᠠ ᠶᠢᠨ ᠡᠳᠦᠷ ᠤᠳ ᠲᠤ ᠵᠣᠬᠢᠶᠠᠭᠳᠠᠳᠠᠭ ᠲᠤᠰ ᠠᠷᠭ᠎ᠠ ᠬᠡᠮᠵᠢᠶᠡᠨ ᠤ ᠦᠶ᠎ᠡ ᠪᠠᠷ ᠯᠠᠮ᠎ᠠ ᠨᠠᠷ ᠤᠨ ᠳᠤᠮᠳᠠ ᠨᠣᠮ ᠬᠠᠶᠠᠯᠴᠠᠬᠤ᠂ ᠮᠡᠳᠬᠡᠯᠴᠡᠬᠦ᠂ ᠪᠠᠯᠢᠩ ᠲᠣᠰᠤᠨ ᠤᠷᠠᠯᠠᠯ ᠤᠨ ᠲᠡᠮᠡᠴᠡᠭᠡᠨ ᠵᠣᠬᠢᠶᠠᠭᠳᠠᠳᠠᠭ ᠪᠠ ᠴᠠᠮ ᠬᠠᠷᠠᠶᠢᠬᠤ᠂ ᠮᠠᠨᠢ ᠲᠠᠲᠠᠬᠤ᠂ ᠰᠣᠶᠣᠮᠪᠤᠲᠤ ᠲᠤᠭ ᠵᠠᠯᠠᠬᠤ᠂ ᠱᠠᠰᠢᠨ ᠤ ᠰᠦᠯᠳᠠ ᠲᠡᠭᠤᠯᠡᠯ ᠡᠭᠡᠰᠢᠭᠯᠡᠭᠦᠯᠬᠦ᠂ ᠱᠠᠰᠢᠨ ᠰᠣᠶᠤᠯ ᠤᠨ ᠦᠵᠡᠰᠬᠦᠯᠡᠩ ᠬᠤᠳᠠᠯᠳᠤᠭ᠎ᠠ ᠵᠡᠷᠭᠡ ᠣᠯᠠᠨ ᠰᠣᠨᠢᠷᠬᠠᠯᠲᠠᠢ ᠠᠷᠭ᠎ᠠ ᠬᠡᠮᠵᠢᠶ᠎ᠡ ᠨᠦᠭᠦᠳ ᠪᠣᠯᠳᠠᠭ᠃
ᠮᠦᠠ 256 ᠬᠦᠴᠦᠲᠦ ᠪᠥᠬᠡ ᠪᠠᠷᠢᠯᠳᠤᠨ᠂ ᠲᠠᠭ᠎ᠠ᠂ ᠶᠡᠭᠡ ᠨᠡᠰᠦ ᠪᠤᠯᠦᠠ ᠵᠢᠷᠤᠭ᠎ᠠ ᠮᠣᠷᠢᠳ ᠣᠷᠣᠯᠳᠣᠬᠤ ᠪᠥᠭᠡᠳ ᠮᠣᠷᠢᠲᠤ ᠬᠠᠷᠪᠤᠭ᠎ᠠ ᠶᠢᠨ ᠦᠵᠡᠭᠦᠯᠪᠦᠷᠢ ᠵᠣᠬᠢᠶᠠᠨ ᠪᠠᠶᠢᠭᠤᠯᠤᠨ᠎ᠠ᠃    ᠡᠨᠡ ᠬᠦ ᠨᠠᠭᠠᠳᠤᠮ ᠨᠢ   ᠮᠣᠩᠭᠣᠯ ᠤᠨ ᠰᠤᠶᠦᠯ᠂ ᠱᠠᠰᠢᠨ ᠤ ᠵᠠᠩ ᠦᠶᠯᠡ᠂ ᠤᠯᠠᠮᠵᠢᠯᠠᠯᠲᠤ ᠬᠡᠪ ᠰᠢᠨᠵᠢ ᠶᠢ ᠬᠠᠳᠠᠭᠠᠯᠠᠭᠰᠠᠨ᠂ ᠥᠪᠡᠷᠮᠢᠴᠡ ᠣᠨᠴᠠᠯᠢᠭ ᠲᠠᠢ ᠪᠥᠭᠡᠳ ᠠᠶᠠᠯᠠᠯ ᠵᠢᠭᠤᠯᠴᠢᠯᠠᠯ ᠤᠨ ᠪᠦᠲᠦᠭᠡᠭᠳᠡᠬᠦᠨ ᠪᠣᠯᠭᠠᠨ ᠬᠥᠭᠵᠢᠭᠦᠯᠵᠦ ᠣᠯᠠᠨ ᠤᠯᠤᠰ ᠤᠨ ᠵᠢᠭᠤᠯᠴᠢᠳ ᠢ ᠲᠠᠲᠠᠬᠤ ᠦᠡᠳᠦᠷ ᠠᠴᠢ ᠬᠤᠯᠪᠣᠭᠳᠠᠯ ᠲᠠᠢ ᠠᠷᠭ᠎ᠠ ᠭᠡᠮᠵᠢᠶ᠎ᠠ ᠶᠤᠮ᠃

ᠰᠡᠳᠬᠢᠭᠳᠡᠯ ᠦᠯᠡᠳᠡᠭᠡᠬᠦ