ᠰᠢᠨ᠎ᠡ ᠤᠷᠭᠤᠴᠠ ᠶᠢᠨ ᠲᠥᠮᠥᠰᠥ ᠬᠤᠳᠠᠯᠳᠤᠭᠠᠨ ᠳᠤ ᠭᠠᠷᠴᠤ ᠡᠬᠢᠯᠡᠵᠡᠢ | News.MN

ᠰᠢᠨ᠎ᠡ ᠤᠷᠭᠤᠴᠠ ᠶᠢᠨ ᠲᠥᠮᠥᠰᠥ ᠬᠤᠳᠠᠯᠳᠤᠭᠠᠨ ᠳᠤ ᠭᠠᠷᠴᠤ ᠡᠬᠢᠯᠡᠵᠡᠢ

ᠬᠦᠯᠡᠮᠵᠢ ᠶᠢᠨ ᠥᠷᠭᠡᠰᠦᠲᠦ ᠬᠡᠮᠬᠡ᠂ ᠨᠣᠭᠤᠭᠠᠨ ᠰᠣᠩᠭᠢᠨ᠎ᠠ᠂ ᠨᠠᠪᠴᠢᠲᠤ ᠨᠣᠭᠤᠭᠠᠨ ᠤ ᠬᠤᠷᠢᠶᠠᠯᠲᠠ ᠵᠢᠭᠳᠡᠷᠡᠵᠦ᠂ ᠡᠷᠲᠡ ᠤᠷᠭᠤᠴᠠ ᠶᠢᠨ ᠮᠠᠨᠵᠢᠨ᠂ ᠯᠤᠤᠪᠠᠩ᠂ ᠲᠥᠮᠥᠰᠥᠨ ᠤ ᠲᠡᠭᠦᠪᠦᠷᠢ ᠬᠤᠷᠢᠶᠠᠯᠲᠠ ᠡᠬᠢᠯᠡᠭᠰᠡᠨ ᠲᠠᠯ᠎ᠠ ᠪᠠᠷ ᠬᠦᠨᠡᠰᠦ ᠬᠥᠳᠡᠭᠡ ᠠᠵᠤ ᠠᠬᠤᠶ᠂ ᠬᠥᠩᠭᠡᠨ ᠦᠢᠯᠡᠳᠪᠦᠷᠢ ᠶᠢᠨ ᠶᠠᠮᠤᠨ ᠠᠴᠠ ᠮᠡᠳᠡᠭᠡᠯᠡᠯ᠎ᠡ᠃

ᠲᠣᠳᠣᠷᠠᠭᠤᠯᠪᠠᠯ᠂ ᠤᠯᠠᠭᠠᠨᠪᠠᠭᠠᠲᠤᠷ ᠬᠤᠲᠠ ᠳᠤ ᠰᠡᠯᠡᠩᠭᠡ ᠠᠶᠢᠮᠠᠭ ᠤᠨ ᠣᠷᠬᠤᠨ ᠰᠤᠮᠤ ᠠᠴᠠ ᠡᠷᠲᠡ ᠤᠷᠭᠤᠴᠠ ᠶᠢᠨ ᠲᠥᠮᠥᠰᠥ ᠨᠡᠶᠢᠯᠡᠭᠦᠯᠦᠭᠳᠡᠵᠦ᠂ ᠪᠣᠷᠤᠯᠠᠭᠤᠯᠤᠯᠲᠠ ᠳᠤ ᠭᠠᠷᠤᠭᠠᠳ ᠪᠠᠶᠢᠭ᠎ᠠ ᠠᠵᠠᠢ᠃ ᠮᠦᠠ ᠲᠥᠮᠥᠰᠥ᠂ ᠬᠦᠨᠡᠰᠦᠨ ᠤ ᠨᠣᠭᠤᠭᠠᠨ ᠤ ᠠᠵᠤ ᠠᠬᠤᠢ ᠶᠢᠨ  ᠨᠢᠭᠡᠴᠢ ᠨᠦᠭᠦᠳ ᠳᠣᠯᠣᠳᠤᠭᠠᠷ ᠰᠠᠷ᠎ᠠ ᠶᠢᠨ 25 ᠠᠴᠠ ᠡᠷᠲᠡ ᠤᠷᠭᠤᠴᠠ ᠶᠢᠨ ᠬᠤᠷᠢᠶᠠᠯᠲᠠ ᠪᠠᠨ ᠡᠬᠢᠯᠡᠭᠦᠯᠦᠨ᠎ᠡ ᠭᠡᠳᠡᠭ ᠢᠶᠠᠨ ᠮᠡᠳᠡᠭᠳᠡᠵᠡᠢ᠃ ᠤᠯᠠᠭᠠᠨᠪᠠᠭᠠᠲᠤᠷ ᠲᠤ ᠡᠳᠦᠷ ᠲᠤ 10 ᠣᠷᠴᠢᠮ ᠲᠣᠨ ᠬᠦᠯᠡᠮᠵᠢ ᠶᠢᠨ ᠨᠡᠷᠢᠠ ᠨᠤᠭᠤᠭ᠎ᠠ ᠵᠠᠬ᠎ᠠ ᠨᠤᠭᠤᠳ ᠲᠤ ᠬᠦᠷᠴᠦ᠂ ᠬᠡᠷᠡᠭᠯᠡᠭᠴᠢ ᠶᠢᠨ ᠭᠠᠷ ᠲᠤ ᠣᠴᠢᠵᠤ ᠪᠠᠶᠢᠨ᠎ᠡ᠃ ᠲᠤᠬᠠᠶᠢᠯᠠᠪᠠᠯ᠂ ᠠᠩᠬ᠎ᠠ ᠭᠠᠷᠬᠤ ᠳᠠᠭᠠᠨ ᠨᠢᠭᠡ ᠺᠢᠯᠣᠭ᠍ᠷᠠᠮ ᠨᠢ 7000 ᠲᠥᠭᠦᠷᠢᠭ ᠢᠶᠠᠷ ᠵᠠᠷᠤᠭᠳᠠᠵᠤ ᠪᠠᠶᠢᠭᠰᠠᠨ  ᠥᠷᠭᠡᠰᠦᠲᠦ ᠬᠡᠮᠬᠡ ᠶᠢᠨ ᠦᠨ᠎ᠡ 4000 ᠲᠥᠭᠦᠷᠢᠭ ᠪᠣᠯᠵᠤ ᠪᠠᠭᠤᠷᠠᠵᠠᠢ᠃

ᠰᠡᠳᠬᠢᠭᠳᠡᠯ ᠦᠯᠡᠳᠡᠭᠡᠬᠦ