ᠮᠣᠩᠭᠤᠯ ᠤᠯᠤᠰ ᠲᠤ ᠭᠠᠳᠠᠭᠠᠳᠤ ᠶᠢᠨ 32 ᠢᠷᠭᠡᠠ ᠶᠡᠯ᠎ᠠ ᠡᠳ᠋ᠯᠡᠵᠦ ᠪᠠᠶᠢᠨ᠎ᠡ | News.MN

ᠮᠣᠩᠭᠤᠯ ᠤᠯᠤᠰ ᠲᠤ ᠭᠠᠳᠠᠭᠠᠳᠤ ᠶᠢᠨ 32 ᠢᠷᠭᠡᠠ ᠶᠡᠯ᠎ᠠ ᠡᠳ᠋ᠯᠡᠵᠦ ᠪᠠᠶᠢᠨ᠎ᠡ

ᠫᠷᠤᠺᠦ᠋ᠷᠤᠷ ᠤᠨ ᠪᠠᠶᠢᠭᠤᠯᠤᠯᠭ᠎ᠠ ᠤᠯᠤᠰ ᠤᠨ ᠬᠡᠮᠵᠢᠶᠡᠨ ᠳᠤ ᠦᠶᠯᠡ ᠠᠵᠢᠯᠯᠠᠭ᠎ᠠ ᠶᠠᠪᠤᠭᠤᠯᠵᠤ ᠪᠠᠶᠢᠭ᠎ᠠ ᠨᠡᠶᠢᠲᠡ 21 ᠬᠤᠷᠢᠬᠤ ᠠᠩᠭᠢ᠂ 1 ᠰᠤᠷᠭᠠᠯᠲᠠ ᠬᠥᠮᠥᠵᠢᠯ ᠤᠨ ᠲᠤᠰᠬᠠᠶ ᠪᠠᠶᠢᠭᠤᠯᠤᠯᠭ᠎ᠠ᠂ 28 ᠴᠠᠭᠳᠠᠨ ᠬᠤᠷᠢᠬᠤ ᠪᠠᠶᠢᠷᠢ᠂ 27 ᠪᠡᠷᠢᠪᠴᠢᠯᠡᠬᠤ ᠪᠠᠶᠢᠷᠢ᠂ 22 ᠰᠡᠭᠠᠳᠡᠭᠤᠯᠬᠤ ᠪᠠᠶᠢᠷᠢᠨ ᠤ ᠦᠶᠯᠡ ᠠᠵᠢᠯᠯᠠᠭ᠎ᠠ᠂ ᠮᠦᠠ ᠬᠤᠷᠢᠬᠤ ᠠᠴᠠ ᠥᠭᠡᠷ᠎ᠡ ᠲᠥᠷᠦᠯ ᠤᠨ ᠶᠡᠯ᠎ᠠ᠂ ᠵᠥᠷᠢᠴᠡᠯ ᠤᠨ ᠰᠢᠢᠳᠪᠦᠷᠢ ᠭᠦᠢᠴᠡᠳᠬᠡᠬᠦ ᠠᠵᠢᠯᠯᠠᠭᠠᠨ ᠤ ᠬᠡᠷᠡᠭᠵᠢᠯᠲᠡ ᠳᠤ ᠬᠢᠨᠠᠯᠲᠠ ᠲᠠᠯᠪᠢᠨ ᠠᠵᠢᠯᠯᠠᠵᠤ ᠪᠠᠶᠢᠨ᠎ᠡ᠃
2022 ᠣᠨ ᠤ ᠡᠬᠢᠨ ᠤ ᠬᠠᠭᠠᠰ ᠵᠢᠯ ᠤᠨ ᠪᠠᠶᠢᠳᠠᠯ ᠢᠶᠠᠷ ᠬᠤᠷᠢᠬᠤ ᠶᠡᠯ᠎ᠠ ᠡᠳ᠋ᠯᠡᠵᠦ ᠪᠠᠶᠢᠭ᠎ᠠ 3600 ᠭᠠᠷᠦᠢ᠂ ᠴᠠᠭᠳᠠᠨ ᠬᠤᠷᠢᠭᠳᠠᠭᠰᠠᠨ 3000 ᠣᠷᠴᠢᠮ᠂ ᠵᠥᠷᠢᠴᠡᠯ ᠤᠨ ᠲᠤᠬᠠᠶ ᠬᠠᠤᠯᠢ ᠳᠤ ᠵᠢᠭᠠᠭᠰᠠᠨ ᠢᠶᠠᠷ ᠪᠡᠷᠢᠪᠴᠢᠯᠡᠬᠤ ᠰᠢᠢᠳᠬᠡᠯ ᠢᠶᠠᠷ ᠰᠢᠢᠳᠬᠡᠭᠦᠯᠦᠭᠰᠡᠨ 10347᠂ ᠠᠯᠪᠠᠳᠠᠨ ᠰᠠᠭᠠᠲᠠᠭᠤᠯᠤᠭᠳᠠᠭᠰᠠᠨ 2844᠂ ᠬᠤᠷᠢᠬᠤ ᠠᠴᠠ ᠥᠭᠡᠷ᠎ᠡ ᠲᠥᠷᠦᠯ ᠤᠨ ᠶᠡᠯ᠎ᠠ ᠰᠢᠢᠳᠬᠡᠭᠦᠯᠦᠭᠰᠡᠨ᠂ ᠲᠡᠩᠰᠡᠬᠦ᠂ ᠠᠯᠪᠠᠳᠠᠯᠭ᠎ᠠ ᠶᠢᠨ ᠠᠷᠭ᠎ᠠ ᠭᠡᠮᠵᠢᠶ᠎ᠠ ᠠᠪᠤᠭᠳᠠᠭᠰᠠᠨ 14401 ᠬᠥᠮᠦᠨ᠂ ᠬᠠᠤᠯᠢ ᠶᠢᠨ ᠡᠲᠡᠭᠡᠳ ᠤᠨ ᠰᠢᠢᠳᠪᠦᠷᠢ ᠭᠦᠢᠴᠡᠳᠬᠡᠯ ᠤᠨ ᠠᠵᠢᠯᠯᠠᠭ᠎ᠠ ᠬᠠᠤᠯᠢ ᠶᠢᠨ ᠳᠠᠭᠠᠤ ᠶᠠᠪᠤᠭᠳᠠᠵᠤ ᠪᠠᠶᠢᠭ᠎ᠠ ᠡᠰᠡᠬᠦ᠂ ᠬᠥᠮᠥᠨ ᠤ ᠡᠷᠭᠡ᠂ ᠡᠷᠭᠡ ᠴᠢᠯᠦᠭᠡ ᠵᠥᠷᠢᠴᠡᠭᠳᠡᠭᠰᠡᠨ ᠡᠰᠡᠬᠦ ᠶᠢ ᠬᠢᠨᠠᠯᠲᠠ ᠲᠠᠯᠪᠢᠵᠤ᠂ ᠵᠥᠷᠢᠴᠡᠭᠳᠡᠭᠰᠡᠨ ᠡᠷᠬᠡ ᠶᠢ ᠰᠡᠷᠭᠦᠭᠡᠬᠦ ᠳᠤ ᠠᠩᠬᠠᠷᠴᠤ ᠠᠵᠢᠯᠯᠠᠯ᠎ᠠ᠃
ᠬᠤᠷᠢᠬᠤ ᠶᠡᠯ᠎ᠠ ᠡᠳ᠋ᠯᠡᠵᠦ ᠪᠠᠶᠢᠭ᠎ᠠ 3680 ᠢᠷᠭᠡᠨ ᠤ 64.7 ᠬᠤᠪᠢ ᠨᠢ ᠨᠡᠭᠡᠭᠡᠯᠲᠡ ᠲᠠᠢ ᠳᠢᠭᠯᠢᠮ ᠳᠤ᠂ 34.5 ᠬᠤᠪᠢ ᠨᠢ ᠬᠠᠭᠠᠯᠲᠠ ᠲᠠᠢ ᠳᠢᠭᠯᠢᠮ ᠳᠤ᠂ 0.8 ᠬᠤᠪᠢ ᠨᠢ ᠰᠤᠷᠭᠠᠯᠲᠠ ᠬᠥᠮᠥᠵᠢᠯ ᠤᠨ ᠲᠤᠰᠬᠠᠶ ᠪᠠᠶᠢᠭᠤᠯᠤᠯᠭ᠎ᠠ ᠳᠤ ᠶᠡᠯ᠎ᠠ ᠡᠳ᠋ᠯᠡᠵᠦ ᠪᠠᠶᠢᠨ᠎ᠡ᠃ ᠡᠭᠦᠨ ᠠᠴᠠ 218 ᠨᠢ ᠡᠮᠡᠭᠳᠡᠢ᠂ 32 ᠨᠢ ᠭᠠᠳᠠᠭᠠᠳᠤ ᠶᠢᠨ ᠢᠷᠭᠡᠠ ᠪᠠᠶᠢᠨ᠎ᠡ᠃ ᠮᠦᠠ ᠣᠯᠠᠨ ᠤᠯᠤᠰ ᠤᠨ ᠭᠡᠷ᠎ᠡ᠂ ᠡᠷᠡᠭᠦᠦ ᠶᠢᠨ ᠬᠡᠷᠡᠭ ᠬᠢᠨᠠᠨ ᠰᠢᠶᠳᠪᠦᠷᠢᠯᠡᠬᠦ ᠲᠤᠬᠠᠶ ᠬᠠᠤᠯᠢ ᠳᠤ ᠵᠢᠭᠠᠭᠰᠠᠨ ᠤ ᠳᠠᠭᠠᠤ ᠪᠦᠬᠦᠳᠠ ᠨᠠᠶᠢᠷᠠᠮᠳᠠᠬᠤ ᠺᠡᠽᠡᠬᠰᠲ᠋ᠡᠠ ᠤᠯᠤᠰ ᠲᠤ ᠬᠤᠷᠢᠬᠤ ᠶᠡᠯ᠎ᠠ ᠡᠳ᠋ᠯᠡᠵᠦ ᠪᠠᠶᠢᠭᠰᠠᠨ ᠮᠣᠩᠭᠤᠯ ᠤᠯᠤᠰ ᠤᠨ 3 ᠢᠷᠭᠡᠨ ᠢ ᠰᠢᠯᠵᠢᠭᠦᠯᠦᠨ ᠠᠪᠬᠤ᠂ ᠬᠤᠷᠢᠬᠤ ᠶᠠᠯ᠎ᠠ ᠶᠢ ᠮᠣᠩᠭᠤᠯ ᠤᠯᠤᠰ ᠤᠨ ᠬᠠᠤᠯᠢ ᠲᠣᠭᠲᠠᠭᠠᠮᠵᠢ ᠳᠤ ᠳ᠋ᠦᠢᠴᠡᠭᠦᠯᠡᠨ ᠰᠢᠢᠳᠪᠦᠷᠢᠯᠡᠭᠦᠯᠬᠦ ᠪᠠᠷ ᠳ᠋ᠦᠩᠨᠡᠯᠲᠡ ᠪᠢᠴᠢᠵᠦ᠂ ᠰᠢᠭᠦᠬᠦ ᠪᠠᠷ ᠰᠢᠢᠳᠪᠦᠷᠢᠯᠡᠭᠦᠯᠪᠡ᠃

ᠰᠡᠳᠬᠢᠭᠳᠡᠯ ᠦᠯᠡᠳᠡᠭᠡᠬᠦ