ᠡᠵᠢ ᠶᠢᠨ ᠢᠶᠠᠨ ᠠᠷᠤ ᠠᠴᠠ ᠶᠠᠪᠤᠭᠰᠠᠨ ᠬᠦᠦ ᠶᠢ ᠲᠥᠪ ᠠᠶᠢᠮᠠᠭ ᠠᠴᠠ ᠣᠯᠵᠠᠢ | News.MN

ᠡᠵᠢ ᠶᠢᠨ ᠢᠶᠠᠨ ᠠᠷᠤ ᠠᠴᠠ ᠶᠠᠪᠤᠭᠰᠠᠨ ᠬᠦᠦ ᠶᠢ ᠲᠥᠪ ᠠᠶᠢᠮᠠᠭ ᠠᠴᠠ ᠣᠯᠵᠠᠢ

ᠴᠠᠭᠳᠠᠭ᠎ᠠ ᠶᠢᠨ ᠪᠠᠶᠢᠭᠤᠯᠤᠯᠭ᠎ᠠ ᠳᠤ ᠡᠨᠡ ᠰᠠᠷ᠎ᠠ ᠶᠢᠨ 20  ᠤ ᠡᠳᠦᠷ ᠤᠨ 20:20 ᠴᠠᠭ ᠲᠤ ᠲᠥᠪ ᠠᠶᠢᠮᠠᠭ ᠤᠨ ᠯᠦᠩ ᠰᠤᠮᠤᠨ ᠳᠤ ᠬᠡᠦᠬᠡᠳ ᠠᠯᠠᠭ᠎ᠠ ᠪᠣᠯᠣᠯ᠎ᠠ ᠭᠡᠬᠦ ᠳᠠᠭᠤᠳᠠᠯᠭ᠎ᠠ ᠪᠦᠷᠢᠳᠬᠡᠭᠳᠡᠭᠰᠡᠨ ᠪᠠᠶᠢᠨ᠎ᠡ᠃ ᠬᠤᠳᠠ ᠬᠤᠭᠤᠷᠤᠨᠳᠤ ᠶᠢᠨ ᠵᠣᠷᠴᠢᠭᠴᠢ ᠲᠡᠭᠡᠭᠡᠪᠦᠷᠢ ᠶᠢᠨ  ᠮᠠᠰᠢᠨ ᠲᠡᠷᠭᠡᠨ ᠳᠤ ᠭᠠᠭᠴᠠᠭᠠᠷ ᠢᠶᠠᠨ ᠶᠠᠪᠤᠭᠰᠠᠨ ᠪᠠᠭ᠎ᠠ ᠨᠠᠰᠤᠨ ᠤ ᠡᠷᠡᠭᠲᠡᠢ ᠬᠡᠦᠬᠡᠳ ᠤᠭ ᠮᠠᠰᠢᠨ ᠲᠡᠷᠭᠡ ᠶᠢ ᠯᠦᠩ ᠰᠤᠮᠤᠨ ᠳᠤ ᠵᠤᠬᠰᠦᠬᠤ ᠦᠶ᠎ᠡ ᠳᠤ ᠠᠯᠠᠭ᠎ᠠ ᠪᠣᠯᠣᠭᠰᠠᠨ ᠢ ᠮᠡᠳᠡᠭᠰᠡᠨ ᠵᠣᠷᠴᠢᠭᠴᠢ ᠤᠭ ᠳᠠᠭᠤᠳᠠᠯᠭ᠎ᠠ ᠶᠢ ᠴᠠᠭᠳᠠᠭ᠎ᠠ ᠳᠤ ᠥᠭᠴᠡᠢ᠃
ᠳᠠᠭᠤᠳᠠᠯᠭ᠎ᠠ᠂ ᠮᠡᠳᠡᠭᠡᠯᠡᠯ ᠤᠨ ᠳᠠᠭᠠᠤ ᠰᠢᠯᠭᠠᠭᠠᠳ ᠮᠡᠷᠭᠠᠰᠢ ᠨᠢ 10 ᠴᠠᠭ ᠤᠨ ᠦᠶ᠎ᠡ ᠳᠤ ᠪᠠᠶᠠᠩᠭᠤᠣᠯ ᠳᠡᠭᠦᠷᠭᠡ ᠳᠤ ᠣᠷᠣᠰᠢᠨ ᠰᠠᠭᠤᠳᠠᠭ 10 ᠨᠠᠰᠤᠲᠠᠢ ᠡᠷᠡᠭᠲᠡᠢ B  ᠶᠢ ᠲᠤᠰ ᠰᠤᠮᠤ ᠠᠴᠠ ᠤᠷᠤᠭᠰᠢ ᠠᠮᠢᠳᠤᠷᠠᠳᠠᠭ ᠠᠶᠢᠯ ᠳᠤ ᠪᠠᠶᠢᠬᠤ ᠳᠤ ᠨᠢ ᠣᠯᠣᠭᠰᠠᠨ ᠪᠠᠶᠢᠨ᠎ᠡ᠃
ᠡᠨᠡ ᠲᠤᠬᠠᠢ ᠴᠠᠭᠳᠠᠭ᠎ᠠ ᠶᠢᠨ ᠪᠠᠶᠢᠭᠤᠯᠤᠯᠭ᠎ᠠ ᠠᠴᠠ ᠲᠣᠳᠣᠷᠠᠭᠤᠯᠬᠤ ᠳᠤ᠄ ᠬᠦᠦ ᠶᠢᠨ ᠡᠵᠢ ᠰᠤᠪᠢᠯᠠᠯ ᠳᠤ ᠠᠮᠠᠷᠠᠬᠤ ᠪᠠᠷ ᠶᠠᠪᠤᠬᠤ ᠳᠤ ᠪᠠᠨ  ᠬᠡᠦᠬᠡᠳ ᠢᠶᠡᠨ ᠠᠶᠢᠯ ᠳᠤ ᠦᠯᠡᠳᠡᠭᠡᠭᠰᠡᠨ᠃ ᠭᠡᠲᠡᠯ᠎ᠡ ᠬᠦᠦ ᠡᠵᠢ ᠶᠢᠨ ᠢᠶᠠᠨ ᠠᠷᠤ ᠠᠴᠠ ᠣᠴᠢᠬᠤ ᠪᠠᠷ ᠭᠠᠷᠤᠭᠠᠳ ᠶᠠᠪᠤᠵᠠᠢ᠃ ᠲᠤᠬᠠᠢ ᠶᠢᠨ ᠦᠶ᠎ᠡ ᠳᠤ ᠬᠡᠦᠬᠡᠳ ᠢ ᠬᠠᠷᠠᠵᠤ ᠦᠯᠡᠳᠡᠭᠰᠡᠨ ᠬᠥᠮᠥᠰ ᠲᠡᠭᠦᠨ ᠢ ᠶᠠᠪᠤᠭᠰᠠᠨ ᠢ ᠮᠡᠳᠡᠭᠡ ᠦᠭᠡᠶ ᠪᠠᠶᠢᠭᠰᠠᠨ᠃ ᠬᠠᠷᠢᠨ ᠬᠤᠳᠠ ᠬᠤᠭᠤᠷᠤᠨᠳᠤ ᠶᠢᠨ ᠵᠣᠷᠴᠢᠭᠴᠢ ᠲᠡᠭᠡᠭᠡᠪᠦᠷᠢ ᠶᠢᠨ ᠮᠠᠰᠢᠨ ᠲᠡᠷᠭᠡᠨ ᠳᠤ  ᠬᠦᠦ ᠲᠠᠢ ᠬᠠᠮᠲᠤ ᠶᠠᠪᠤᠭᠰᠠᠨ ᠵᠣᠷᠴᠢᠭᠴᠢ ᠲᠡᠭᠦᠨ ᠢ ᠯᠦᠩ ᠰᠤᠮᠤᠨ ᠳᠤ ᠠᠯᠠᠭ᠎ᠠ ᠪᠣᠯᠣᠭᠰᠠᠨ ᠢ ᠮᠡᠳᠡᠭᠡᠳ ᠴᠠᠭᠳᠠᠭ᠎ᠠ ᠳᠤ ᠳᠠᠭᠤᠳᠠᠯᠭ᠎ᠠ ᠥᠭᠭᠦᠭᠰᠡᠨ ᠭᠡᠯ᠎ᠡ᠃

ᠰᠡᠳᠬᠢᠭᠳᠡᠯ ᠦᠯᠡᠳᠡᠭᠡᠬᠦ