ᠡᠯᠴᠢᠨ ᠰᠠᠶᠢᠳ ᠱ᠊·ᠪᠠᠲᠤᠴᠡᠴᠡᠭ ᠦᠷᠦᠭᠤᠸᠠᠢ ᠶᠢᠨ ᠶᠡᠷᠦᠩᠬᠡᠶᠢᠯᠡᠭᠴᠢ ᠳᠤ ᠢᠳᠡᠭᠡᠮᠵᠢᠯᠡᠬᠦ ᠵᠢᠭᠤᠬᠤ ᠪᠢᠴᠢᠭ ᠢᠶᠠᠨ ᠡᠷᠭᠦᠨᠪᠠᠷᠢᠪᠠ | News.MN

 ᠡᠯᠴᠢᠨ ᠰᠠᠶᠢᠳ ᠱ᠊·ᠪᠠᠲᠤᠴᠡᠴᠡᠭ ᠦᠷᠦᠭᠤᠸᠠᠢ ᠶᠢᠨ ᠶᠡᠷᠦᠩᠬᠡᠶᠢᠯᠡᠭᠴᠢ ᠳᠤ ᠢᠳᠡᠭᠡᠮᠵᠢᠯᠡᠬᠦ ᠵᠢᠭᠤᠬᠤ ᠪᠢᠴᠢᠭ ᠢᠶᠠᠨ ᠡᠷᠭᠦᠨᠪᠠᠷᠢᠪᠠ

ᠮᠣᠩᠭᠤᠯ ᠤᠯᠤᠰ ᠠᠴᠠ ᠪᠦᠬᠦᠳᠠ ᠨᠠᠶᠢᠷᠠᠮᠳᠠᠬᠤ ᠦᠷᠦᠭᠤᠸᠠᠢ ᠤᠯᠤᠰ ᠲᠤ ᠰᠠᠭᠤᠬᠤ ᠣᠨᠴᠠ ᠪᠥᠭᠡᠳ ᠪᠦᠷᠢᠠ ᠡᠷᠬᠡᠲᠦ ᠡᠯᠴᠢᠨ ᠰᠠᠶᠢᠳ ᠱᠠᠭᠳᠠᠷ ᠤᠨ ᠪᠠᠲᠤᠴᠡᠴᠡᠭ 2022 ᠣᠨ ᠤ 7 ᠳ᠋ᠤᠭᠠᠷ ᠰᠠᠷ᠎ᠠ ᠶᠢᠨ 11  ᠨᠢ ᠡᠳᠦᠷ ᠲᠤᠰ ᠤᠯᠤᠰ ᠤᠨ ᠶᠡᠷᠦᠩᠬᠡᠶᠢᠯᠡᠭᠴᠢ ᠯᠦᠶ᠋ᠢᠰ ᠯᠠᠺᠠᠶᠧ  ᠫᠤᠸᠤ᠋ ᠳᠤ ᠢᠳᠡᠭᠡᠮᠵᠢᠯᠡᠬᠦ ᠵᠢᠭᠤᠬᠤ ᠪᠢᠴᠢᠭ ᠢᠶᠠᠨ ᠡᠷᠭᠦᠨ ᠪᠠᠷᠢᠪᠠ᠃
ᠡᠨᠡ ᠦᠶ᠎ᠡ ᠪᠠᠷ ᠡᠯᠴᠢᠨ ᠰᠠᠶᠢᠳ ᠱ᠊ · ᠪᠠᠲᠤᠴᠡᠴᠡᠭ ᠮᠣᠩᠭᠤᠯ ᠤᠯᠤᠰ ᠤᠨ ᠶᠡᠷᠦᠩᠬᠡᠶᠢᠯᠡᠭᠴᠢ ᠤ᠊ · ᠬᠦᠷᠡᠯᠰᠦ᠋ᠬᠡ ᠶᠢᠨ ᠮᠡᠨᠳᠦᠴᠢᠯᠡᠭᠡ ᠶᠢ ᠤᠯᠠᠮᠵᠢᠯᠠᠵᠤ᠂ ᠮᠣᠩᠭᠤᠯ᠂  ᠦᠷᠦᠭᠤᠸᠠᠢ ᠶᠢᠨ ᠨᠠᠶᠢᠷᠰᠠᠭ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠥᠷᠭᠡᠵᠢᠭᠦᠯᠦᠨ ᠬᠥᠭᠵᠢᠭᠦᠯᠬᠦ ᠶᠢᠨ ᠲᠥᠯᠥᠭᠡ ᠢᠳᠡᠪᠬᠢᠲᠡᠢ ᠠᠵᠢᠯᠯᠠᠬᠤ ᠪᠠᠨ ᠢᠯᠡᠷᠬᠡᠶᠢᠯᠡᠪᠡ᠃
ᠶᠡᠷᠦᠩᠬᠡᠶᠢᠯᠡᠭᠴᠢ ᠯᠦᠶ᠋ᠢᠰ ᠯᠠᠺᠠᠶᠧ ᠫᠤᠸᠤ᠋  ᠮᠣᠩᠭᠣᠯ ᠤᠨ ᠦᠨᠳᠦᠰᠦᠨ ᠤ ᠶᠡᠭᠡ ᠪᠡᠶᠡᠷ ᠨᠠᠭᠠᠳᠤᠮ ᠢ ᠲᠣᠬᠢᠶᠠᠯᠳᠤᠭᠤᠯᠤᠨ ᠮᠣᠩᠭᠣᠯ ᠤᠨ ᠠᠷᠠᠳ ᠲᠦᠮᠡᠨ ᠳᠤ ᠪᠠᠶᠠᠷ ᠤᠨ ᠮᠡᠨᠳᠦᠴᠢᠯᠡᠭᠡ ᠳᠡᠪᠰᠢᠭᠦᠯᠵᠦ᠂ ᠮᠣᠩᠭᠤᠯ ᠤᠯᠤᠰ ᠠᠴᠠ ᠦᠷᠦᠭᠤᠸᠠᠢ ᠤᠯᠤᠰ ᠲᠤ ᠰᠠᠭᠤᠬᠤ ᠠᠩᠬᠠᠨ ᠤ ᠡᠯᠴᠢᠨ ᠰᠠᠶᠢᠳ ᠪᠣᠯᠵᠤ ᠪᠠᠢᠭ᠎ᠠ ᠳᠤ ᠪᠡᠶᠡᠷ ᠬᠦᠷᠭᠡᠵᠦ᠂ ᠠᠵᠢᠯ ᠤᠨ  ᠠᠮᠵᠢᠯᠲᠠ  ᠬᠦᠰᠡᠪᠡ᠃

ᠰᠡᠳᠬᠢᠭᠳᠡᠯ ᠦᠯᠡᠳᠡᠭᠡᠬᠦ